ᠰᠮᠠᠭᠢᠨ᠂ ᠸᠯᠠᠳᠢᠮᠢᠷ ᠨᠢᠻᠣᠯᠠᠶᠧᠸᠢᠴ
ᠸᠯᠠᠳᠢᠮᠢᠷ ᠠᠨᠠᠰᠲ᠋ᠠᠰᠢᠶᠧᠸᠢᠴ ᠰᠮᠠᠭᠢᠨ ᠵᠥᠪᠯᠠᠯᠲᠥ ᠬᠣᠯᠪᠤᠭᠠᠲᠤ ᠤᠯᠤᠰ ᠤᠨ ᠵᠠᠽᠽjazz ᠬᠥᠭᠵᠢᠮ ᠦᠨ ᠵᠣᠬᠢᠶᠠᠯᠴᠢ᠂ ᠤᠳᠤᠷᠢᠳᠤᠭᠠᠴᠢ ᠪᠠᠢᠢᠪᠠ᠃
ᠰᠮᠠᠭᠢᠨ 1975᠊1976 ᠣᠨ ᠳᠤ ᠪᠥᠭᠥᠳᠡ ᠨᠠᠢᠢᠷᠠᠮᠳᠠᠬᠤ ᠮᠣᠩᠭᠤᠯ ᠠᠷᠠᠳ ᠤᠯᠤᠰ ᠤᠨ ᠹᠢᠯᠠᠷᠮᠣᠨᠢ ᠢᠢᠨ ᠪᠠᠶᠠᠨ ᠮᠣᠩᠭᠤᠯ ᠴᠢᠭᠤᠯᠭ᠍ᠠ᠋ ᠳᠤ ᠰᠤᠷᠭᠤᠭᠴᠢ ᠪᠠᠭᠰᠢ ᠪᠠᠷ ᠤᠷᠢᠭᠳᠠᠨ ᠠᠵᠢᠯᠯᠠᠵᠤ ᠪᠠᠢᠢᠵᠤᠬᠤᠢ᠃
ᠸᠯᠠᠳᠢᠮᠢᠷ ᠠᠨᠠᠰᠲ᠋ᠠᠰᠢᠶᠧᠸᠢᠴ ᠰᠮᠠᠭᠢᠨ ᠣᠷᠤᠰ ᠶ᠋ᠢᠠᠷ᠄ Владимир Анастасьевич Смагин | |
---|---|
ᠲᠣᠪᠴᠢ ᠲᠠᠨᠢᠯᠴᠠᠭᠣᠯᠭ᠍ᠠ᠋ | |
ᠲᠥᠷᠦᠭᠰᠡᠨ ᠣᠩᠨᠠᠭ᠍ᠠ᠋ | |
ᠲᠥᠷᠦᠭᠰᠡᠨ ᠭᠠᠴᠠᠷ | |
ᠬᠠᠷᠢᠶᠠᠯᠠᠯ | ᠵᠥᠪᠯᠡᠯᠲᠦ ᠰᠣᠼᠢᠶᠠᠯᠢᠰᠲ᠋ ᠪᠥᠭᠥᠳᠡ ᠨᠠᠢᠢᠷᠠᠮᠳᠠᠬᠣ ᠬᠣᠯᠪᠤᠭᠠᠲᠤ ᠤᠯᠤᠰ ᠮᠣᠩᠭᠣᠯ ᠤᠯᠤᠰ |
ᠢᠳᠡᠪᠬᠢ ᠲᠡᠢ ᠣᠨ ᠵᠢᠯ ᠥᠳ | ᠮᠣᠩᠭᠤᠯ ᠋ᠳ᠋ᠤ 1975-1976 ᠣᠨ ᠳ᠋ᠤ |
ᠰᠠᠯᠪᠣᠷᠢ | |
ᠪᠣᠯᠪᠠᠰᠣᠷᠠᠯ | |
ᠪᠠᠢᠢᠭᠣᠯᠠᠯᠭ᠍ᠠ᠋ | ᠤᠯᠤᠰ ᠤᠨ ᠹᠢᠯᠠᠷᠮᠣᠨᠢ ᠳ᠋ᠤ |
ᠬᠣᠪᠢ ᠨᠡᠮᠡᠷᠢ | |
ᠵᠡᠷᠭᠡ/ᠴᠣᠯ | |
ᠱᠠᠩᠨᠠᠯ |
ᠦᠢᠯᠡ ᠬᠡᠷᠡᠭ
ᠸᠯᠠᠳᠢᠮᠢᠷ ᠨᠢᠻᠣᠯᠠᠶᠧᠸᠢᠴ ᠰᠮᠠᠭᠢᠨ ᠪᠠᠶᠠᠨ ᠮᠣᠩᠭᠤᠯ ᠴᠢᠭᠤᠯᠭ᠎ᠠ ᠢᠢᠨ ᠬᠥᠭᠵᠢᠮᠴᠢᠳ ᠦᠨ ᠬᠠᠮᠲᠤ᠂ 1975 ᠣᠨ |
ᠵᠥᠪᠯᠡᠯᠲᠦ ᠶᠢᠨ ᠰᠤᠷᠭᠠᠭᠴᠢ ᠪᠠᠭᠰᠢ ᠸ ∙ ᠨ ∙ ᠰᠮᠠᠭᠢᠨ 1975-1976 ᠣᠨ ᠳᠤ ᠤᠯᠤᠰ ᠤᠨ ᠹᠢᠯᠠᠷᠮᠣᠨᠢ ᠳᠤ ᠠᠵᠢᠯᠯᠠᠵᠤ ᠪᠠᠶ᠋ᠢᠬᠤ ᠳᠤ ᠪᠠᠨ ᠮᠣᠩᠭᠣᠯ ᠳᠠᠭᠤᠤ ᠨᠤᠭᠤᠳ ᠢ ᠵᠠᠽᠽ ᠬᠡᠯᠪᠡᠷᠢ ᠪᠡᠷ ᠨᠠᠶ᠋ᠢᠷᠠᠭᠤᠯᠤᠨ᠂ ᠪᠠᠶᠠᠨ ᠮᠣᠩᠭᠣᠯ ᠴᠢᠭᠤᠯᠭ᠎ᠠ ᠪᠠᠷ ᠬᠥᠭᠵᠢᠮᠳᠡᠭᠦᠯᠵᠦ ᠡᠬᠢᠯᠡᠭᠰᠡᠨ᠃ ᠬᠡᠷᠬᠢᠨ ᠬᠥᠭᠵᠢᠮ ᠦᠨ ᠨᠠᠶ᠋ᠢᠷᠠᠭᠤᠯᠭ᠎ᠠ ᠬᠢᠬᠦ ᠲᠠᠯ᠎ᠠ ᠪᠠᠷ ᠲᠤᠰ ᠴᠢᠭᠤᠯᠭ᠎ᠠ ᠶᠢᠨ ᠬᠢᠨ ᠳᠤ ᠵᠢᠭᠠᠭᠰᠠᠨ ᠪᠠᠶ᠋ᠢᠨ᠎ᠠ᠃ ᠡᠨᠡ ᠢᠨᠦ ᠲᠡᠳᠡᠨ ᠦ ᠬᠤᠪᠢ ᠳᠤ ᠴᠣ ᠰᠢᠨ᠎ᠡ ᠨᠣᠲ ᠢᠢᠠᠷ ᠬᠥᠭᠵᠢᠮᠳᠡᠨᠡ᠋ ᠭᠡᠰᠡᠨ ᠦᠭᠡ ᠪᠠᠶ᠋ᠢᠵᠠᠢ᠃ ᠲᠡᠷᠡ ᠴᠠᠭ ᠲᠤ ᠡ᠊∙ ᠴᠣᠶ᠋ᠢᠳᠠᠭ ᠤᠨ "ᠵᠢᠯᠠᠮ ᠬᠠᠷ᠎ᠠ" ᠍ ᠢᠢ ᠪᠠᠶᠠᠨ ᠮᠣᠩᠭᠣᠯ ᠴᠢᠭᠤᠯᠭ᠎ᠠ ᠶᠢᠨ ᠭᠢᠲ᠋ᠠᠷᠴᠢᠨguitarist ᠪ∙ ᠭᠠᠩᠪᠠᠲᠤ ᠹᠣᠯᠻ-ᠵᠠᠽᠽfolk-jazz ᠬᠡᠯᠪᠡᠷᠢ ᠪᠡᠷ ᠨᠠᠶ᠋ᠢᠷᠠᠭᠤᠯᠤᠭᠠᠳ ᠰᠮᠠᠭᠢᠨ ᠪᠠᠭᠰᠢ ᠳᠤ ᠪᠠᠨ ᠰᠣᠨᠣᠰᠬᠠᠵᠠᠢ᠃ ᠰᠮᠠᠭᠢᠨ 《ᠪᠣᠯᠵᠤ ᠪᠠᠶ᠋ᠢᠨ᠎ᠠ᠂ ᠥᠪᠡᠷ ᠢᠢᠡᠨ ᠬᠥᠭᠵᠢᠮᠳᠡ》 ᠭᠡᠰᠡᠨ ᠦ ᠬᠢ ᠨᠢ ᠳᠠᠭᠠᠭᠤ ᠪ∙ ᠭᠠᠩᠪᠠᠲᠤ ᠤᠭ ᠨᠠᠶ᠋ᠢᠷᠠᠭᠤᠯᠭ᠎ᠠ ᠪᠠᠨ ᠲᠠᠶ᠋ᠢᠵᠠᠨᠠ ᠬᠥᠭᠵᠢᠮᠳᠡᠭᠰᠡᠨ ᠪᠠᠶ᠋ᠢᠨ᠎ᠠ᠃[1]
ᠵᠠᠽᠽ ᠬᠥᠭᠵᠢᠮ ᠦᠨ ᠲᠣᠭᠯᠠᠬᠤ ᠬᠡᠯᠪᠡᠷᠢ᠂ ᠨᠠᠶ᠋ᠢᠷᠠᠭᠤᠯᠭ᠎ᠠ ᠵᠦᠢ ᠨᠢ ᠰᠣᠩᠭᠣᠳᠠᠭ ᠬᠥᠭᠵᠢᠮ ᠡᠴᠡ ᠡᠷᠡᠰ ᠢᠯᠭᠠᠭ᠎ᠠ ᠲᠠᠢ᠃ 1970 ᠍- ᠊ᠭᠠᠳ ᠣᠨ ᠤ ᠦᠶ᠎ᠡ ᠳᠦ ᠡᠨᠡ ᠴᠢᠭᠯᠡᠯ ᠢᠢᠡᠷ ᠬᠥᠭᠵᠢᠮᠴᠢᠳ ᠢ ᠪᠡᠯᠡᠳᠬᠡᠬᠦ ᠰᠤᠷᠭᠠᠯᠲᠠ ᠮᠣᠩᠭᠤᠯ ᠣᠷᠣᠨ ᠳᠤ ᠬᠠᠷᠠᠬᠠᠨ ᠪᠠᠶ᠋ᠢᠭᠰᠠᠨ ᠦᠭᠡᠢ᠃ ᠬᠠᠷᠢᠨ 1975-1976 ᠣᠨ ᠳᠤ ᠵᠥᠪᠯᠡᠯᠲᠦ ᠶᠢᠨ ᠮᠡᠷᠭᠡᠵᠢᠯᠲᠡᠨ ᠸ ∙ ᠰᠤᠮᠠᠭᠢᠨ "ᠪᠠᠶᠠᠨ ᠮᠣᠩᠭᠣᠯ" ᠴᠢᠭᠤᠯᠭ᠎ᠠ ᠳᠤ ᠠᠵᠢᠯᠯᠠᠵᠤ ᠪᠠᠢᠢᠬᠤ ᠳ᠋ᠤ ᠪᠠᠨ᠂ ᠵᠠᠽᠽ ᠬᠥᠭᠵᠢᠮ ᠦᠨ ᠣᠨᠣᠯ᠂ ᠰᠤᠷᠭᠠᠯᠲᠠ ᠶᠠᠪᠤᠭᠤᠯᠤᠭᠰᠠᠨ ᠢᠢᠠᠷ ᠲᠤᠰ ᠬᠠᠮᠲᠤᠯᠠᠭ ᠤᠨ ᠬᠥᠭᠵᠢᠮᠴᠢᠳ ᠦᠨ ᠬᠥᠭᠵᠢᠮᠳᠡᠬᠦ ᠤᠷ᠎ᠠ ᠴᠢᠳᠠᠪᠤᠷᠢ᠂ ᠣᠨᠣᠯ ᠤᠨ ᠮᠡᠳᠡᠯᠭᠡ᠂ ᠳᠠᠭᠤᠷᠠᠯᠲᠠ᠂ ᠮᠡᠷᠭᠡᠵᠢᠯ ᠦᠨ ᠴᠢᠳᠠᠮᠵᠢ ᠳᠡᠭᠡᠭᠰᠢᠯᠡᠭᠰᠡᠨ ᠭᠡᠳᠡᠭ᠃
ᠤᠷᠠᠨ ᠪᠦᠲᠦᠭᠡᠯ
ᠸ᠂ ᠰᠮᠠᠭᠢᠨ ᠤ ᠵᠣᠬᠢᠶᠠᠵᠤ ᠨᠠᠢᠢᠷᠠᠭᠤᠯᠣᠭᠰᠠᠨ "ᠤᠯᠠᠭᠠᠨᠪᠠᠭᠠᠲᠤᠷ ᠲᠤ ᠠᠮᠠᠷᠠᠭᠰᠠᠨ ᠠᠨᠤ" ᠠᠯᠳᠠᠷᠲᠤ ᠵᠣᠬᠢᠶᠠᠯ ᠤᠨ ᠪᠢᠴᠢᠯᠭᠡ ᠲᠡᠢ ᠫᠢᠨ᠋ᠽᠠ |
“ᠨᠠᠮᠤᠷ ᠠ᠋”, “ᠪᠢ ᠮᠣᠰᠻᠸᠠ ᠪᠠᠷ ᠠᠯᠬᠤᠵᠤ ᠶᠠᠪᠤᠨ᠎ᠠ”, “ᠳᠠᠢᠢᠨ ᠤ ᠵᠢᠯ ᠦᠳ ᠦᠨ ᠳᠤᠷᠠᠰᠤᠮᠵᠢ”, “ᠤᠷᠠᠨ ᠰᠡᠳᠬᠢᠮᠵᠢ” ᠭᠡᠵᠦ ᠵᠡᠷᠭᠡ ᠢ ᠨᠠᠢᠢᠷᠠᠭᠤᠯᠤᠭᠰᠠᠨ᠃[2] ᠮᠥᠨ ᠲ᠂ ᠤᠷᠲᠤᠨᠠᠰᠤᠨ ᠨ ᠨᠠᠢᠢᠷᠠᠭᠤᠯᠤᠭᠰᠠᠨ ᠦᠭᠡᠯᠡᠭᠡ ᠱᠠᠭᠠᠵᠠᠭᠠᠶ᠂ ᠠᠷᠠᠳ ᠤᠨ ᠳᠠᠭᠤᠤ ᠰᠤᠳᠠᠭ ᠤᠨ ᠨᠣᠭᠤᠭ᠎ᠠ ᠵᠡᠷᠭᠡ ᠪᠦᠲᠦᠭᠡᠯ ᠢ ᠫᠢᠨᠽᠠ ᠳ᠋ᠤ ᠪᠢᠴᠢᠭᠦᠯᠬᠦ ᠳ᠋ᠦ ᠤᠳᠤᠷᠢᠳᠤᠭᠴᠢ ᠪᠠᠷ ᠠᠵᠢᠯᠯᠠᠭᠰᠠᠨ ᠪᠠᠢᠢᠨ᠎ᠠ᠃
ᠸ᠂ ᠰᠮᠠᠭᠢᠨ ᠤ ᠠᠯᠳᠠᠷᠲᠤ ᠵᠣᠬᠢᠶᠠᠯ᠂ ᠨᠠᠢᠢᠷᠠᠭᠤᠯᠭ᠎ᠠ ᠤᠯᠠᠭᠠᠨᠪᠠᠭᠠᠲᠤᠷ ᠲᠤ ᠠᠮᠠᠷᠠᠭᠰᠠᠨ ᠠᠨᠤ ᠪᠦᠲᠦᠭᠡᠯ ᠢ ᠪᠠᠶᠠᠨ ᠮᠣᠩᠭᠤᠯ ᠬᠠᠨᠲᠤᠯᠨᠭ 1976 ᠣᠨ ᠳ᠋ᠤ ᠫᠢᠨᠽᠠ ᠳ᠋ᠤᠷ ᠪᠢᠴᠢᠭᠦᠯᠦᠭᠰᠡᠨ ᠠᠭᠠᠳ᠂ ᠡᠳᠦᠭᠡ ᠴᠦ ᠪᠠᠶᠠᠨ ᠮᠣᠩᠭᠤᠯ ᠬᠠᠮᠲᠤᠯᠢᠭ ᠤᠨ ᠤᠷ ᠠ᠋ ᠢᠢᠨ ᠰᠠᠩ ᠳ᠋ᠠᠬᠢ ᠣᠨᠴᠤᠭᠤᠶ ᠨᠢᠭᠡᠨ ᠰᠤᠪᠤᠳ ᠬᠡᠪ ᠢᠢᠡᠷ ᠪᠠᠢᠢᠨ᠎ᠠ᠃
ᠨᠡᠷ᠎ᠡ ᠲᠣᠮᠢᠶᠠᠯᠠᠯ
ᠳᠳᠠᠭᠰᠢᠶ ᠠ᠋ ᠨᠠᠢᠢᠷᠠᠯ ᠬᠥᠭᠵᠢᠮ - big band - джазовый оркестр
ᠵᠠᠴᠴ - jazz - джаз
ᠨᠠᠢᠢᠷᠠᠭᠤᠯᠭ᠎ᠠ - arrangement - аранжировка
ᠢᠮᠫᠷᠣᠸᠢᠽᠠᠴᠢ - improvisation - импровизация
ᠰᠲᠢᠢᠯ - style - стиль
ᠰᠸᠢᠩ - swing- свинг
ᠡᠬᠢ ᠰᠤᠷᠪᠤᠯᠵᠢ
- ↑ ᠵ᠂ ᠡᠷᠳᠡᠨᠢᠡᠴᠡᠭ᠃ ᠭᠢᠲ᠋ᠠᠷ ᠤᠨ ᠭᠧᠨᠧᠷᠠᠯ᠃ ᠮᠣᠩᠭᠤᠯᠻᠣᠮ᠃ 2019/11/28 http://mongolcom.mn/read/1026
- ↑ ᠪ᠂ ᠣᠢᠢᠳᠦᠪ᠃ ᠲᠦᠮᠡᠨ ᠦ ᠰᠡᠳᠬᠢᠯ ᠳᠦ ᠬᠣᠨᠤᠭᠰᠢᠭᠰᠠᠨ ᠪᠠᠶᠠᠨ ᠮᠣᠩᠭᠤᠯ ᠤᠨ ᠳᠠᠭᠤᠤ ᠨᠤᠭᠤᠳ᠃ ᠶᠡᠬᠡ ᠮᠣᠩᠭᠤᠯ᠃ 2019/09/23 http://ikhmongol.mn/show/5208