ᠰᠮᠠᠭᠢᠨ᠂ ᠸᠯᠠᠳᠢᠮᠢᠷ ᠨᠢᠻᠣᠯᠠᠶᠧᠸᠢᠴ

Wikibilig-с

ᠸᠯᠠᠳᠢᠮᠢᠷ ᠨᠢᠻᠣᠯᠠᠶᠧᠸᠢᠴ ᠰᠮᠠᠭᠢᠨ ᠵᠥᠪᠯᠠᠯᠲᠥ ᠬᠣᠯᠪᠤᠭᠠᠲᠤ ᠤᠯᠤᠰ ‍ᠤᠨ ᠵᠠᠽᠽjazz ᠬᠥᠭᠵᠢᠮ ‍ᠦᠨ ᠵᠣᠬᠢᠶᠠᠯᠴᠢ᠂ ᠤᠳᠤᠷᠢᠳᠤᠭᠠᠴᠢ ᠪᠢᠯᠡ᠃ ᠰᠮᠠᠭᠢᠨ 1975᠊1976 ᠣᠨ ‍ᠳᠤ ᠪᠥᠭᠥᠳᠡ ᠨᠠᠢᠢᠷᠠᠮᠳᠠᠬᠤ ᠮᠣᠩᠭᠤᠯ ᠠᠷᠠᠳ ᠤᠯᠤᠰ ‍ᠤᠨ ᠹᠢᠯᠠᠷᠮᠣᠨᠢ ‍ᠢᠢᠨ ᠪᠠᠶᠠᠨ ᠮᠣᠩᠭᠤᠯ ᠴᠢᠭᠤᠯᠭ᠍ᠠ᠋ ‍ᠳᠤ ᠰᠤᠷᠭᠠᠭᠴᠢ ᠪᠠᠭᠰᠢ ᠪᠠᠷ ᠤᠷᠢᠭᠳᠠᠨ ᠠᠵᠢᠯᠯᠠᠵᠤ ᠪᠠᠢᠢᠵᠤᠬᠤᠢ᠃


ᠸᠯᠠᠳᠢᠮᠢᠷ ᠨᠢᠻᠣᠯᠠᠶᠧᠸᠢᠴ ᠰᠮᠠᠭᠢᠨ
ᠣᠷᠤᠰ ᠶ᠋ᠢᠠᠷ᠄ Владимир Николаевич Смагин
ᠸᠯᠠᠳᠢᠮᠢᠷ
ᠨᠢᠻᠣᠯᠠᠶᠧᠸᠢᠴ
ᠰᠮᠠᠭᠢᠨ
ᠪᠠᠶᠠᠨ
ᠮᠣᠩᠭᠤᠯ
ᠴᠢᠭᠤᠯᠭ᠎ᠠ ‍ᠢᠢᠨ
ᠬᠥᠭᠵᠢᠮᠴᠢᠨ
ᡀᠠ᠊᠂ ᠰᠦᠬᠡᠪᠠᠭᠠᠲᠤᠷ ‍ᠤᠨ
ᠬᠠᠮᠲᠤ
ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋
ᠲᠥᠷᠦᠭᠰᠡᠨ ᠭᠠᠴᠠᠷ
ᠬᠠᠷᠢᠶᠠᠯᠠᠯ ᠵᠥᠪᠯᠡᠯᠲᠦ ᠰᠣᠼᠢᠶᠠᠯᠢᠰᠲ᠋ ᠪᠥᠭᠥᠳᠡ ᠨᠠᠢᠢᠷᠠᠮᠳᠠᠬᠣ ᠬᠣᠯᠪᠤᠭᠠᠲᠤ ᠤᠯᠤᠰ
ᠢᠳᠡᠪᠬᠢ ᠲᠡᠢ ᠣᠨ ᠵᠢᠯ ‍ᠥᠳ ᠮᠣᠩᠭᠤᠯ ᠋ᠳ᠋ᠤ 1975-1976 ᠣᠨ ᠳ᠋ᠤ
ᠰᠠᠯᠪᠣᠷᠢ ᠬᠥᠭᠵᠢᠮ ‍ᠦᠨ ᠤᠷᠠᠯᠢᠭ
ᠪᠣᠯᠪᠠᠰᠣᠷᠠᠯ
ᠪᠠᠢᠢᠭᠣᠯᠠᠯᠭ᠍ᠠ᠋ ᠤᠯᠤᠰ ‍ᠤᠨ ᠹᠢᠯᠠᠷᠮᠣᠨᠢ ᠳ᠋ᠤ
ᠬᠣᠪᠢ ᠨᠡᠮᠡᠷᠢ ᠪᠠᠶᠠᠨ ᠮᠣᠩᠭᠤᠯ ᠴᠢᠭᠤᠯᠭ᠎ᠠ ‍ᠢᠢᠨ ᠬᠥᠭᠵᠢᠮᠴᠢᠳ ᠲᠦ ᠵᠠᠽᠽ ᠬᠥᠭᠵᠢᠮ ‍ᠦᠨ ᠰᠤᠷᠭᠠᠯᠲᠠ ᠵᠣᠬᠢᠶᠠᠭᠰᠠᠨ᠂
ᠮᠣᠩᠭᠤᠯ ᠳᠠᠭᠤᠤ ᠨᠤᠭᠤᠳ ‍ᠤᠨ ᠵᠠᠽᠽ ᠨᠠᠢᠢᠷᠠᠭᠤᠯᠭ᠎ᠠ ᠬᠢᠭᠰᠡᠨ᠂
ᠮᠣᠩᠭᠤᠯ ‍ᠤᠨ ᠰᠡᠳᠦᠪᠲᠦ ᠬᠥᠭᠵᠢᠮ ‍ᠦᠨ ᠵᠣᠬᠢᠶᠠᠯ ᠲᠤᠭᠤᠷᠪᠢᠭᠰᠠᠨ
ᠵᠡᠷᠭᠡ/ᠴᠣᠯ
ᠱᠠᠩᠨᠠᠯ
ᠦᠢᠯᠡ ᠬᠡᠷᠡᠭ[засварлах | кодоор засварлах]


ᠸᠯᠠᠳᠢᠮᠢᠷ ᠨᠢᠻᠣᠯᠠᠶᠧᠸᠢᠴ ᠰᠮᠠᠭᠢᠨ ᠪᠠᠶᠠᠨ ᠮᠣᠩᠭᠤᠯ ᠴᠢᠭᠤᠯᠭ᠎ᠠ ‍ᠢᠢᠨ ᠬᠥᠭᠵᠢᠮᠴᠢᠳ ‍ᠦᠨ ᠬᠠᠮᠲᠤ᠂ 1975 ᠣᠨ


ᠵᠥᠪᠯᠡᠯᠲᠦ ᠶᠢᠨ ᠰᠤᠷᠭᠠᠭᠴᠢ ᠪᠠᠭᠰᠢ ᠸ ∙ ᠨ ∙ ᠰᠮᠠᠭᠢᠨ 1975-1976 ᠣᠨ ᠳᠤ ᠤᠯᠤᠰ ᠤᠨ ᠹᠢᠯᠠᠷᠮᠣᠨᠢ ᠳᠤ ᠠᠵᠢᠯᠯᠠᠵᠤ ᠪᠠᠶ᠋ᠢᠬᠤ ᠳᠤ ᠪᠠᠨ ᠮᠣᠩᠭᠣᠯ ᠳᠠᠭᠤᠤ ᠨᠤᠭᠤᠳ ᠢ ᠵᠠᠽᠽ ᠬᠡᠯᠪᠡᠷᠢ ᠪᠡᠷ ᠨᠠᠶ᠋ᠢᠷᠠᠭᠤᠯᠤᠨ᠂ ᠪᠠᠶᠠᠨ ᠮᠣᠩᠭᠣᠯ ᠴᠢᠭᠤᠯᠭ᠎ᠠ ᠪᠠᠷ ᠬᠥᠭᠵᠢᠮᠳᠡᠭᠦᠯᠵᠦ ᠡᠬᠢᠯᠡᠭᠰᠡᠨ᠃ ᠬᠡᠷᠬᠢᠨ ᠬᠥᠭᠵᠢᠮ ᠦᠨ ᠨᠠᠶ᠋ᠢᠷᠠᠭᠤᠯᠭ᠎ᠠ ᠬᠢᠬᠦ ᠲᠠᠯ᠎ᠠ ᠪᠠᠷ ᠲᠤᠰ ᠴᠢᠭᠤᠯᠭ᠎ᠠ ᠶᠢᠨ ᠬᠢᠨ ᠳᠤ ᠵᠢᠭᠠᠭᠰᠠᠨ ᠪᠠᠶ᠋ᠢᠨ᠎ᠠ᠃ ᠡᠨᠡ ᠢᠨᠦ ᠲᠡᠳᠡᠨ ᠦ ᠬᠤᠪᠢ ᠳᠤ ᠴᠣ ᠰᠢᠨ᠎ᠡ ᠨᠣᠲ ᠢᠢᠠᠷ ᠬᠥᠭᠵᠢᠮᠳᠡᠨ᠎ᠡ᠋ ᠭᠡᠰᠡᠨ ᠦᠭᠡ ᠪᠠᠶ᠋ᠢᠵᠠᠢ᠃ ᠲᠡᠷᠡ ᠴᠠᠭ ᠲᠤ ᠡ᠊∙ ᠴᠣᠶ᠋ᠢᠳᠠᠭ ᠤᠨ "ᠵᠢᠯᠠᠮ ᠬᠠᠷ᠎ᠠ" ᠍ ᠢᠢ ᠪᠠᠶᠠᠨ ᠮᠣᠩᠭᠣᠯ ᠴᠢᠭᠤᠯᠭ᠎ᠠ ᠶᠢᠨ ᠭᠢᠲ᠋ᠠᠷᠴᠢᠨguitarist ᠪ∙ ᠭᠠᠩᠪᠠᠲᠤ ᠹᠣᠯᠻ-ᠵᠠᠽᠽfolk-jazz ᠬᠡᠯᠪᠡᠷᠢ ᠪᠡᠷ ᠨᠠᠶ᠋ᠢᠷᠠᠭᠤᠯᠤᠭᠠᠳ ᠰᠮᠠᠭᠢᠨ ᠪᠠᠭᠰᠢ ᠳᠤ ᠪᠠᠨ ᠰᠣᠨᠣᠰᠬᠠᠵᠠᠢ᠃ ᠰᠮᠠᠭᠢᠨ "ᠪᠣᠯᠵᠤ ᠪᠠᠶ᠋ᠢᠨ᠎ᠠ᠂ ᠥᠪᠡᠷ ᠢᠢᠡᠨ ᠬᠥᠭᠵᠢᠮᠳᠡ" ᠭᠡᠰᠡᠨ ᠦ ᠬᠢ ᠨᠢ ᠳᠠᠭᠠᠭᠤ ᠪ∙ ᠭᠠᠩᠪᠠᠲᠤ ᠤᠭ ᠨᠠᠶ᠋ᠢᠷᠠᠭᠤᠯᠭ᠎ᠠ ᠪᠠᠨ ᠲᠠᠶ᠋ᠢᠵᠠᠨ᠎ᠠ ᠬᠥᠭᠵᠢᠮᠳᠡᠭᠰᠡᠨ ᠪᠠᠶ᠋ᠢᠨ᠎ᠠ᠃[1]

ᠵᠠᠽᠽ ᠬᠥᠭᠵᠢᠮ ᠦᠨ ᠲᠣᠭᠯᠠᠬᠤ ᠬᠡᠯᠪᠡᠷᠢ᠂ ᠨᠠᠶ᠋ᠢᠷᠠᠭᠤᠯᠭ᠎ᠠ ᠵᠦᠢ ᠨᠢ ᠰᠣᠩᠭᠣᠳᠠᠭ ᠬᠥᠭᠵᠢᠮ ᠡᠴᠡ ᠡᠷᠡᠰ ᠢᠯᠭᠠᠭ᠎ᠠ ᠲᠠᠢ᠃ 1970 ᠍- ᠊ᠭᠠᠳ ᠣᠨ ᠤ ᠦᠶ᠎ᠡ ᠳᠦ ᠡᠨᠡ ᠴᠢᠭᠯᠡᠯ ᠢᠢᠡᠷ ᠬᠥᠭᠵᠢᠮᠴᠢᠳ ᠢ ᠪᠡᠯᠡᠳᠬᠡᠬᠦ ᠰᠤᠷᠭᠠᠯᠲᠠ ᠮᠣᠩᠭᠤᠯ ᠣᠷᠣᠨ ᠳᠤ ᠬᠠᠷᠠᠬᠠᠨ ᠪᠠᠶ᠋ᠢᠭᠰᠠᠨ ᠦᠭᠡᠢ᠃ ᠬᠠᠷᠢᠨ 1975-1976 ᠣᠨ ᠳᠤ ᠵᠥᠪᠯᠡᠯᠲᠦ ᠶᠢᠨ ᠮᠡᠷᠭᠡᠵᠢᠯᠲᠡᠨ ᠸ ∙ ᠰᠤᠮᠠᠭᠢᠨ "ᠪᠠᠶᠠᠨ ᠮᠣᠩᠭᠣᠯ" ᠴᠢᠭᠤᠯᠭ᠎ᠠ ᠳᠤ ᠠᠵᠢᠯᠯᠠᠵᠤ ᠪᠠᠢᠢᠬᠤ ᠳ᠋ᠤ ᠪᠠᠨ᠂ ᠵᠠᠽᠽ ᠬᠥᠭᠵᠢᠮ ᠦᠨ ᠣᠨᠣᠯ᠂ ᠰᠤᠷᠭᠠᠯᠲᠠ ᠶᠠᠪᠤᠭᠤᠯᠤᠭᠰᠠᠨ ᠢᠢᠠᠷ ᠲᠤᠰ ᠬᠠᠮᠲᠤᠯᠠᠭ ‍ᠤᠨ ᠬᠥᠭᠵᠢᠮᠴᠢᠳ ᠦᠨ ᠬᠥᠭᠵᠢᠮᠳᠡᠬᠦ ᠤᠷ᠎ᠠ ᠴᠢᠳᠠᠪᠤᠷᠢ᠂ ᠣᠨᠣᠯ ᠤᠨ ᠮᠡᠳᠡᠯᠭᠡ᠂ ᠳᠠᠭᠤᠷᠠᠯᠲᠠ᠂ ᠮᠡᠷᠭᠡᠵᠢᠯ ‍ᠦᠨ ᠴᠢᠳᠠᠮᠵᠢ ᠳᠡᠭᠡᠭᠰᠢᠯᠡᠭᠰᠡᠨ ᠭᠡᠳᠡᠭ᠃

ᠤᠷᠠᠨ ᠪᠦᠲᠦᠭᠡᠯ[засварлах | кодоор засварлах]


ᠸ᠂ ᠰᠮᠠᠭᠢᠨ ‍ᠤ ᠵᠣᠬᠢᠶᠠᠵᠤ ᠨᠠᠢᠢᠷᠠᠭᠤᠯᠣᠭᠰᠠᠨ "ᠤᠯᠠᠭᠠᠨᠪᠠᠭᠠᠲᠤᠷ ᠲᠤ ᠠᠮᠠᠷᠠᠭᠰᠠᠨ ᠠᠨᠤ" ᠠᠯᠳᠠᠷᠲᠤ ᠵᠣᠬᠢᠶᠠᠯ ‍ᠤᠨ ᠪᠢᠴᠢᠯᠭᠡ ᠲᠡᠢ ᠫᠢᠨ᠋ᠽᠠ


“ᠨᠠᠮᠤᠷ ‍ᠠ᠋”, “ᠪᠢ ᠮᠣᠰᠻᠸᠠ ᠪᠠᠷ ᠠᠯᠬᠤᠵᠤ ᠶᠠᠪᠤᠨ᠎ᠠ”, “ᠳᠠᠢᠢᠨ ‍ᠤ ᠵᠢᠯ ‍ᠦᠳ ‍ᠦᠨ ᠳᠤᠷᠠᠰᠤᠮᠵᠢ”, “ᠤᠷᠠᠨ ᠰᠡᠳᠬᠢᠮᠵᠢ” ᠭᠡᠬᠦ ᠵᠡᠷᠭᠡ ᠪᠦᠲᠦᠭᠡᠯ ‍ᠢᠢ ᠨᠠᠢᠢᠷᠠᠭᠤᠯᠤᠭᠰᠠᠨ᠃[2] ᠮᠥᠨ ᠲ᠂ ᠤᠷᠲᠤᠨᠠᠰᠤᠨ ‍ᠤ ᠨᠠᠢᠢᠷᠠᠭᠤᠯᠤᠭᠰᠠᠨ ᠦᠭᠡᠯᠡᠭᠡ ᠱᠠᠭᠠᠵᠠᠭᠠᠶ᠂ ᠠᠷᠠᠳ ‍ᠤᠨ ᠳᠠᠭᠤᠤ ᠰᠤᠳᠠᠭ ‍ᠤᠨ ᠨᠣᠭᠤᠭ᠎ᠠ ᠵᠡᠷᠭᠡ ᠪᠦᠲᠦᠭᠡᠯ ‍ᠢ ᠫᠢᠨᠽᠠ ᠳ᠋ᠤ ᠪᠢᠴᠢᠭᠦᠯᠬᠦ ᠳ᠋ᠦ ᠤᠳᠤᠷᠢᠳᠤᠭᠠᠴᠢ ᠪᠠᠷ ᠠᠵᠢᠯᠯᠠᠭᠰᠠᠨ ᠪᠠᠢᠢᠨ᠎ᠠ᠃[3]

ᠸ᠂ ᠰᠮᠠᠭᠢᠨ ‍ᠤ ᠠᠯᠳᠠᠷᠲᠤ ᠵᠣᠬᠢᠶᠠᠯ᠂ ᠨᠠᠢᠢᠷᠠᠭᠤᠯᠭ᠎ᠠ ᠤᠯᠠᠭᠠᠨᠪᠠᠭᠠᠲᠤᠷ ᠲᠤ ᠠᠮᠠᠷᠠᠭᠰᠠᠨ ᠠᠨᠤ ᠪᠦᠲᠦᠭᠡᠯ ‍ᠢ ᠪᠠᠶᠠᠨ ᠮᠣᠩᠭᠤᠯ ᠬᠠᠮᠲᠤᠯᠨᠭ 1976 ᠣᠨ ᠳ᠋ᠤ ᠫᠢᠨᠽᠠ ᠳ᠋ᠤᠷ ᠪᠢᠴᠢᠭᠦᠯᠦᠭᠰᠡᠨ ᠠᠭᠠᠳ᠂ ᠡᠳᠦᠭᠡ ᠴᠦ ᠪᠠᠶᠠᠨ ᠮᠣᠩᠭᠤᠯ ᠬᠠᠮᠲᠤᠯᠢᠭ ‍ᠤᠨ ᠤᠷ ‍ᠠ᠋ ‍ᠢᠢᠨ ᠰᠠᠩ ᠳ᠋ᠠᠬᠢ ᠣᠨᠴᠤᠭᠤᠶ ᠨᠢᠭᠡᠨ ᠰᠤᠪᠤᠳ ᠬᠡᠪ ‍ᠢᠢᠡᠷ ᠪᠠᠢᠢᠨ᠎᠎ᠠ᠃

ᠨᠡᠷ᠎ᠡ ᠲᠣᠮᠢᠶᠠᠯᠠᠯ[засварлах | кодоор засварлах]

ᠳᠳᠠᠭᠰᠢᠶ ‍ᠠ᠋ ᠨᠠᠢᠢᠷᠠᠯ ᠬᠥᠭᠵᠢᠮ - big band - джазовый оркестр

ᠵᠠᠽᠽ - jazz - джаз

ᠨᠠᠢᠢᠷᠠᠭᠤᠯᠭ᠎ᠠ - arrangement - аранжировка

ᠢᠮᠫᠷᠣᠸᠢᠽᠠᠴᠢ - improvisation - импровизация

ᠰᠲᠢᠢᠯ - style - стиль

ᠰᠸᠢᠩ - swing- свинг

ᠡᠬᠢ ᠰᠤᠷᠪᠤᠯᠵᠢ[засварлах | кодоор засварлах]

  1. ᠵ᠂ ᠡᠷᠳᠡᠨᠢᠡᠴᠡᠭ᠃ ᠭᠢᠲ᠋ᠠᠷ ‍‍ᠤᠨ ᠭᠧᠨᠧᠷᠠᠯ᠃ ᠮᠣᠩᠭᠤᠯᠻᠣᠮ᠃ 2019/11/28 http://mongolcom.mn/read/1026
  2. ᠪ᠂ ᠣᠢᠢᠳᠦᠪ᠃ ᠲᠦᠮᠡᠨ ‍ᠦ ᠰᠡᠳᠬᠢᠯ ‍ᠳᠦ ᠬᠣᠨᠤᠭᠰᠢᠭᠰᠠᠨ ᠪᠠᠶᠠᠨ ᠮᠣᠩᠭᠤᠯ ‍ᠤᠨ ᠳᠠᠭᠤᠤ ᠨᠤᠭᠤᠳ‌᠃ ᠶᠡᠬᠡ ᠮᠣᠩᠭᠤᠯ᠃ 2019/09/23 http://ikhmongol.mn/show/5208
  3. ᠪᠠᠶᠠᠨ ᠮᠣᠩᠭᠤᠯ᠃ ᠳᠤᠷᠠᠯᠠᠯ ‍ᠤᠨ ᠬᠡᠰᠢᠭ᠃ Discogs. https://www.discogs.com/release/4045881-%D0%91%D0%B0%D1%8F%D0%BD-%D0%9C%D0%BE%D0%BD%D0%B3%D0%BE%D0%BB-%D0%94%D1%83%D1%80%D0%BB%D0%B0%D0%BB%D1%8B%D0%BD-%D0%A5%D0%B8%D1%88%D0%B8%D0%B3