Ёл
ᠶᠣᠯᠤ
ᠶᠣᠯᠤ᠂ ᠮᠥᠨ ᠤᠭᠤᠴᠢ ᠶᠣᠯᠤ ᠴᠤ ᠭᠡᠭᠳᠡᠳᠡᠭ Gypaetus Barbatus ᠨᠢ ᠬᠠᠷᠴᠠᠭᠠᠢ ᠣᠪᠤᠭ ᠊ᠤᠨ ᠰᠢᠪᠠᠭᠤ ᠪᠥᠭᠡᠳ Gypaetus ᠲᠥᠷᠦᠯ ᠊ᠦᠨ ᠭᠠᠭᠴᠠ ᠲᠥᠯᠦᠭᠡᠯᠡᠭᠴᠢ ᠶᠤᠮ᠃
ᠶᠣᠯᠣ ᠰᠢᠪᠠᠭᠤ ᠨᠢ ᠡᠮᠦᠨᠡᠭᠣᠪᠢ ᠠᠶᠢᠮᠠᠭ ᠊ᠤᠨ ᠭᠣᠪᠢ ᠭᠤᠷᠪᠠᠨ ᠰᠠᠶᠢᠬᠠᠨ ᠠᠭᠤᠯᠠ ᠶ᠋ᠢᠨ ᠶᠣᠯᠣ ᠶ᠋ᠢᠨ ᠠᠮᠠ᠂ ᠠᠯᠲᠠᠢ ᠶ᠋ᠢᠨ ᠨᠢᠷᠤᠭᠤᠨ ᠊ᠤ ᠵᠡᠭᠦᠨ ᠦᠵᠦᠭᠦᠷ ᠊ᠦᠨ ᠰᠠᠯᠪᠤᠷᠢ ᠠᠭᠤᠯᠠᠰ ᠪᠣᠯᠬᠤ ᠨᠡᠮᠡᠭᠲᠦ᠂ ᠰᠡᠪᠡᠷᠡᠢ᠂ ᠨᠣᠶᠠᠨ᠂ ᠪᠠᠶᠠᠨ ᠪᠣᠷᠣ ᠨᠢᠷᠤᠭᠤ ᠵᠡᠷᠭᠡ ᠭᠣᠪᠢ ᠶ᠋ᠢᠨ ᠠᠤᠯᠠᠰ ᠶ᠋ᠢᠠᠷ ᠲᠠᠭᠠᠷᠠᠯᠳᠤᠨ᠎ᠠ᠃
ᠲᠡᠳᠡ ᠧᠦ᠋ᠷᠣᠫ ᠊ᠤᠨ ᠡᠮᠦᠨᠡᠳᠦ ᠬᠡᠰᠡᠭ᠂ ᠠᠹᠷᠢᠻ᠂ ᠠᠰᠢᠢ ᠊ᠠ᠋᠋᠂ ᠡᠨᠡᠳᠬᠡᠭ᠂ ᠲᠥᠪᠡᠳ᠂ ᠮᠣᠩᠭᠣᠯ ᠳ᠋ᠤ ᠥᠨᠳᠦᠷ ᠠᠭᠤᠯᠠᠷᠬᠠᠭ ᠭᠠᠵᠠᠷ ᠰᠠᠭᠤᠷᠢᠨ ᠨᠤᠲᠤᠭᠯᠠᠨ ᠊ᠠ᠋᠋᠃
ᠠᠯᠫ ᠨᠢᠷᠤᠭᠤᠨ ᠳ᠋ᠤ ᠠᠪᠠᠴᠢᠵᠤ ᠰᠠᠭᠦᠷᠢᠰᠢᠭᠤᠯᠤᠭᠰᠠᠨ ᠪᠣᠯᠪᠠᠤᠤ ᠬᠣᠪᠣᠷ ᠬᠡᠪ ᠶ᠋ᠢᠡᠷ ᠪᠠᠢᠢᠨ ᠊ᠠ᠋᠋᠃
ᠭᠣᠣᠯᠳᠠᠭᠤ ᠤᠯᠠᠢ ᠰᠡᠭ ᠶ᠋ᠢᠡᠷ ᠬᠣᠭᠣᠯᠠᠯᠠᠬᠤ ᠪᠠ ᠶᠠᠰᠤᠨ ᠊ᠤ ᠴᠢᠮᠦᠭᠡ ᠭᠣᠣᠯ ᠢᠳᠡᠰᠢ ᠨᠢ ᠪᠣᠯᠳᠠᠭ᠃
ᠥᠨᠳᠦᠷ ᠡᠴᠡ ᠲᠣᠮᠣᠬᠠᠨ ᠶᠠᠰᠤ ᠶ᠋ᠢ ᠤᠨᠠᠭᠠᠵᠤ ᠪᠢᠴᠠᠯᠤᠭᠠᠳ ᠢᠳᠡᠳᠡᠭ᠃
ᠶᠣᠯᠣ ᠪᠤᠰᠤᠳ ᠵᠢᠭᠦᠷᠲᠡᠨ ᠡᠴᠡ ᠬᠠᠮᠤᠭ ᠊ᠤᠨ ᠥᠨᠳᠦᠷ ᠲᠦ ᠪᠤᠶᠤ 7500 ᠮᠧᠲ᠋ᠧᠷ ᠊ᠦᠨ ᠥᠨᠳᠦᠷ ᠲᠦ ᠨᠢᠰᠴᠢ ᠴᠢᠳᠠᠬᠤ ᠠᠴᠠ ᠭᠠᠳᠠᠨ ᠊ᠠ᠋᠋ ᠠᠯᠤᠰ ᠊ᠤᠨ ᠬᠠᠷᠠᠭ ᠊ᠠ᠋᠋ ᠨᠢ ᠨᠡᠩ ᠰᠠᠶᠢᠨ ᠬᠥᠭᠵᠢᠭᠰᠡᠨ ᠰᠢᠪᠠᠭᠤ ᠪᠢᠯᠡ᠃
ᠭᠠᠳᠠᠭᠠᠳᠤ ᠲᠥᠷᠬᠦ
ᠪᠡᠶ ᠊ᠡ᠋᠋ ᠶ᠋ᠢᠨ ᠤᠷᠲᠤ 95-125 cm ᠂ ᠳᠠᠯᠠᠪᠴᠢ ᠪᠠᠨ ᠳᠡᠯᠭᠡᠬᠦ ᠳ᠋ᠦ 3 ᠮᠧᠲ᠋ᠷ ᠣᠷᠴᠢᠮ ᠲᠣᠮᠤ ᠮᠢᠬᠠᠴᠢᠨ ᠰᠢᠪᠠᠭᠤ ᠶᠤᠮ᠃
ᠪᠡᠶ ᠊ᠡ᠋᠋ ᠶ᠋ᠢᠨ ᠵᠢᠩ 4.5-7.5 ᠺᠢᠯᠣᠭᠷᠠᠮ᠃
ᠲᠣᠯᠣᠭᠠᠢ ᠶ᠋ᠢᠨ ᠣᠷᠣᠢ ᠶ᠋ᠢᠨ ᠬᠡᠰᠡᠭ ᠪᠠ ᠴᠡᠭᠡᠵᠢ ᠨᠢ ᠴᠠᠭᠠᠨ ᠥᠩᠭᠡ ᠲᠡᠢ ᠪᠠᠶᠢᠳᠠᠭ᠃
ᠦᠷᠡᠵᠢᠯ
ᠶᠣᠯᠣ ᠰᠢᠪᠠᠭᠤ 1700 ᠮᠧᠲ᠋ᠧᠷ ᠡᠴᠡ ᠳᠡᠭᠡᠭᠰᠢ ᠥᠨᠳᠥᠷ ᠲᠦ ᠡᠭᠦᠷ ᠶ᠋ᠢᠡᠨ ᠵᠠᠰᠠᠳᠠᠭ᠃
ᠬᠠᠪᠤᠷ ᠊ᠤᠨ ᠡᠬᠢᠨ ᠰᠠᠷ ᠊ᠠ᠋ ᠳ᠋ᠤ ᠡᠭᠦᠷ ᠢ᠋ᠢᠡᠨ ᠬᠦᠮᠦᠨ ᠠᠮᠢᠲᠠᠨ ᠬᠦᠷᠬᠦ ᠳ᠋ᠦ ᠪᠡᠷᠬᠡ᠂ ᠬᠥᠮᠥᠭ᠂ ᠲᠠᠪᠴᠠᠩ ᠳᠡᠭᠡᠷ ᠊ᠡ᠋ ᠪᠤᠲᠠ᠂ ᠪᠤᠷᠭᠠᠰᠤᠨ ᠊ᠤ ᠮᠥᠴᠢᠷ ᠶ᠋ᠢᠡᠷ ᠵᠠᠰᠠᠵᠤ᠂ ᠬᠠᠭᠳᠤᠷᠤᠭᠰᠠᠨ ᠡᠪᠡᠰᠦ᠂ ᠶᠠᠰᠤ᠂ ᠢᠰᠡᠭᠡᠶᠢ ᠶ᠋ᠢᠨ ᠥᠭᠡᠳᠡᠰᠦ᠂ ᠨᠡᠬᠡᠢ᠂ ᠨᠣᠣᠰᠣ ᠪᠠᠷ ᠳᠡᠪᠢᠰᠬᠡᠷ ᠬᠢᠨ ᠊ᠡ᠋᠃
12-2 ᠰᠠᠷ ᠊ᠠ᠋᠋ ᠶ᠋ᠢᠨ ᠳᠤᠮᠳᠠ ᠬᠦᠷᠲᠡᠯ ᠊ᠡ᠋᠋ ᠦᠷᠡᠵᠢᠯ ᠊ᠦᠨ ᠤᠯᠠᠷᠢᠯ 1-2 ᠥᠨᠳᠡᠭᠡ ᠭᠠᠷᠭᠠᠳᠠᠭ᠃
53-58 ᠬᠣᠨᠤᠭᠠᠳ ᠠᠩᠭᠠᠬᠠᠢ ᠭᠠᠷᠴᠤ᠂ ᠡᠭᠦᠷ ᠲᠦ ᠪᠡᠨ 106-130 ᠬᠣᠨᠣᠭ ᠥᠰᠴᠦ ᠪᠣᠢᠢᠵᠢᠨ ᠊ᠠ᠋᠋᠃
ᠬᠠᠮᠠᠭᠠᠯᠠᠯ
1953 ᠣᠨ ᠳᠤ ᠶᠣᠯᠣ ᠰᠢᠪᠠᠭᠤ ᠠᠩᠨᠠᠬᠤ ᠶᠢ ᠬᠣᠷᠢᠭᠯᠠᠵᠤ᠂ ᠮᠣᠩᠭᠣᠯ ᠤᠯᠤᠰ ᠊ᠤᠨ ᠵᠠᠰᠠᠭ ᠊ᠤᠨ ᠭᠠᠵᠠᠷ ᠊ᠤᠨ 2012 ᠣᠨ ᠊ᠤ ᠳᠣᠯᠣᠳᠤᠭᠠᠷ ᠲᠣᠭᠲᠠᠭᠠᠯ ᠶ᠋ᠢᠠᠷ ᠬᠣᠪᠣᠷ ᠠᠮᠢᠲᠠᠨ ᠶ᠋ᠢᠠᠷ ᠪᠦᠷᠢᠳᠬᠡᠭᠰᠡᠨ ᠶᠤᠮ᠃
ᠮᠣᠩᠭᠣᠯ ᠊ᠤᠨ 《ᠤᠯᠠᠭᠠᠨ ᠨᠣᠮ》 ᠳ᠋ᠦ ᠪᠦᠷᠢᠳᠬᠡᠭᠳᠡᠭᠰᠡᠨ ᠬᠣᠪᠣᠷ ᠰᠢᠪᠠᠭᠤ ᠶᠣᠯᠣ ᠶ᠋ᠢ ᠪᠤᠰᠤᠳ ᠵᠢᠭᠦᠷᠲᠡᠨ ᠡᠴᠡ ᠲᠠᠨᠢᠬᠤ ᠬᠢᠯᠪᠠᠷ ᠠᠷᠭ᠎ᠠ ᠪᠣᠯ ᠡᠷᠡᠭᠦᠨ ᠳᠣᠣᠷ᠎ᠠ ᠪᠠᠶᠢᠬᠤ ᠬᠢᠯᠭᠠᠰᠤᠨ ᠰᠠᠬᠠᠯ ᠶᠤᠮ᠃
ᠶᠣᠯᠣ ᠰᠢᠪᠠᠭᠤ ᠶ᠋ᠢ ᠠᠯᠳᠠᠭ ᠦᠭᠡᠢ᠃
ᠠᠯᠪᠠᠠᠰᠤ ᠶᠣᠯᠣ ᠠᠯᠠᠭᠰᠠᠨ ᠲᠡᠷᠡ ᠬᠦᠮᠦᠨ ᠢᠷᠤᠭᠠᠷ ᠦᠭᠡᠢ ᠠᠩᠭᠠᠯ ᠤᠷᠤᠭᠤ ᠨᠢᠰᠴᠦ ᠦᠬᠦᠨ ᠊ᠡ᠋ ᠭᠡᠵᠦ ᠴᠡᠭᠡᠷᠯᠡᠳᠡᠭ᠃
ᠲᠦᠯᠬᠢᠭᠦᠷ ᠦᠭᠡᠰ
lammergeyer
bearded vulture
ossifrage
бородач
ягнятник