Цоохондой

Wikibilig-с

ᠴᠣᠬᠤᠨᠳᠠᠢ[засварлах | кодоор засварлах]

Felis lybica (silvestris) ornata


ᠴᠣᠬᠤᠨᠳᠠᠢ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠬᠥᠬᠦᠲᠡᠨ
ᠪᠠᠭ ᠮᠢᠬ ᠊ᠠ᠋ ᠢᠳᠡᠰᠢᠲᠡᠨ
ᠣᠪᠤᠭ ᠮᠢᠢ ᠶ᠋ᠢᠨ ᠬᠢᠨ
ᠲᠥᠷᠦᠯ Felis
ᠵᠦᠢᠯ F.lybica ornata
ᠯᠠᠲ᠋ᠢᠨ᠍ ᠨᠡᠷ ᠊ᠡ᠋
Felis lybica ornata

(Gray, 1830 - 1832)
ᠴᠣᠬᠤᠨᠳᠠᠢ ᠪᠣᠯ ᠮᠢᠢ ᠶ᠋ᠢᠨ ᠬᠢᠨ ᠣᠪᠣᠭ ᠊ᠦᠨ ᠮᠢᠬᠠᠴᠢᠨ ᠠᠷᠢᠶᠠᠲᠠᠨ ᠠᠮᠢᠲᠠᠨ᠃
ᠴᠣᠬᠤᠨᠳᠠᠢ ᠶ᠋ᠢᠨ ᠲᠥᠷᠥᠯ ᠳ᠋ᠦ ᠪᠠᠭᠲᠠᠬᠤ ᠵᠦᠢᠯ ᠊ᠦᠳ ᠢᠨᠦ Felis lybica (ᠠᠹᠷᠢᠻ ᠊ᠤᠨ ᠵᠡᠷᠯᠢᠭ ᠮᠤᠤᠷ) ᠪᠠ Felis silvestris (ᠧᠦ᠋ᠷᠣᠫ ᠊ᠤᠨ ᠵᠡᠷᠯᠢᠭ ᠮᠤᠤᠷ)᠃
ᠮᠣᠩᠭᠣᠯ ᠳ᠋ᠤ ᠠᠮᠢᠳᠤᠷᠠᠳᠠᠭ ᠳᠡᠳ᠋ ᠵᠦᠢᠯ ᠢᠨᠦ Felis lybica ornata (ᠠᠰᠢ ᠊ᠠ᠋᠋ ᠶ᠋ᠢᠨ ᠬᠡᠭᠡᠷ ᠊ᠠ᠋᠋ ᠶ᠋ᠢᠨ ᠮᠤᠤᠷ)᠃
ᠪᠡᠶ ᠊ᠡ᠋᠋ ᠶ᠋ᠢᠨ ᠤᠷᠲᠤ ᠨᠢ 47—69 ᠼᠧᠨ᠍ᠲᠢᠮᠧᠲ᠋ᠧᠷ ᠬᠦᠷᠳᠡᠭ᠂ ᠰᠡᠭᠦᠯ ᠨᠢ 30 ᠼᠧᠨ᠍ᠲᠢᠮᠧᠲ᠋ᠧᠷ ᠣᠷᠴᠢᠮ᠃ ᠪᠡᠶ ᠊ᠡ᠋᠋ ᠶ᠋ᠢᠨ ᠵᠢᠩ 3-7 ᠻᠢᠯᠣᠭᠷᠠᠮ᠃
ᠴᠣᠬᠣᠨᠳᠠᠢ ᠮᠣᠩᠭᠣᠯ ᠤᠯᠤᠰ ᠊ᠤᠨ ᠤᠯᠠᠭᠠᠨ ᠨᠣᠮ ᠳ᠋ᠤ ᠣᠷᠣᠭᠰᠠᠨ ᠬᠣᠪᠣᠷ ᠠᠮᠢᠲᠠᠨ ᠪᠢᠯᠡ᠃ [1]
ᠡᠮ ᠊ᠡ᠋ ᠢᠨᠦ ᠬᠡᠭᠡᠯ ᠶ᠋ᠢᠡᠨ 56—63 ᠣᠷᠴᠢᠮ ᠬᠣᠨᠣᠭ ᠲᠡᠭᠡᠵᠦ 3-4 ᠵᠤᠯᠵᠠᠭ᠎ ᠊ᠠ᠋᠋ ᠲᠥᠷᠦᠭᠦᠯᠦᠨ᠎ ᠊ᠡ᠋᠃Felis lybica ornata ᠡᠯᠡᠰᠦᠨ ᠳᠣᠪᠤ᠂ ᠰᠣᠨᠳᠤᠤᠯᠠᠲᠤ ᠪᠤᠲᠠ ᠰᠥᠭᠡᠭ ᠪᠦᠬᠦᠢ ᠬᠣᠲᠣᠰᠣ ᠬᠣᠭᠤᠯᠠᠶ᠂ ᠰᠤᠬᠠᠶ᠂ ᠵᠠᠭ ᠲᠠᠢ ᠮᠠᠩᠬᠠᠨ ᠶ᠋ᠢᠠᠷ ᠲᠣᠬᠢᠶᠠᠯᠳᠤᠮᠤᠢ᠃ [2]
ᠴᠣᠬᠣᠨᠳᠠᠢ ᠭᠣᠣᠯ ᠲᠥᠯᠦᠪ ᠪᠦᠷᠦᠩᠬᠡᠶ᠂ ᠰᠥᠨᠢ ᠶᠢ᠋ᠨ ᠢᠳᠡᠪᠬᠢᠲᠠᠢ᠃
ᠭᠠᠭᠴᠠ ᠨᠢᠭᠡ ᠪᠡᠷ ᠲᠣᠬᠢᠶᠠᠯᠳᠤᠳᠠᠭ᠂ ᠨᠢᠭᠤᠭᠳᠠᠮᠠᠯ ᠠᠮᠢᠳᠤᠷᠠᠯ ᠲᠠᠢ᠃
ᠴᠢᠴᠢᠭᠦᠯ᠂ ᠠᠯᠠᠭᠳᠠᠬᠠᠢ᠂ ᠰᠢᠰᠢᠦᠬᠡᠢ ᠵᠡᠷᠭᠡ ᠵᠢᠵᠢᠭ ᠬᠥᠬᠦᠲᠡᠨ ᠊ᠦ ᠵᠡᠷᠭᠡᠴᠡᠭᠡ ᠭᠦᠷᠪᠡᠯ᠂ ᠬᠠᠬᠢᠯᠢᠭ ᠰᠢᠪᠠᠭᠤ᠂ ᠡᠯᠳᠡᠪ ᠰᠢᠪᠠᠵᠢ ᠪᠠᠷ ᠬᠣᠭᠤᠯᠠᠯᠠᠨ᠎ ᠊ᠠ᠋᠋᠃ [3]
ᠲᠡᠭᠦᠨᠴᠢᠯᠡᠨ ᠭᠣᠪᠢ ᠶ᠋ᠢᠨ ᠮᠤᠤᠷ ᠪᠤᠶᠤ Felis bieti ᠭᠡᠬᠦ ᠨᠢᠭᠡᠨ ᠵᠦᠢᠯ ᠥᠪᠦᠷ ᠮᠣᠩᠭᠣᠯ᠂ ᠠᠯᠠᠱᠠ ᠭᠣᠪᠢ᠂ ᠭᠠᠨ - ᠰᠦ᠋ ᠮᠤᠵᠢ ᠳ᠋ᠤ ᠭᠣᠣᠯᠴᠢᠯᠠᠨ ᠨᠤᠲᠤᠭᠯᠠᠬᠤ ᠪᠠ ᠮᠣᠩᠭᠣᠯ ᠤᠯᠤᠰ ᠊ᠤᠨ ᠡᠮᠦᠨᠡᠳᠤ ᠬᠡᠰᠡᠭ ᠶ᠋ᠢᠡᠷ ᠲᠣᠬᠢᠶᠠᠯᠳᠤᠬᠤ ᠪᠠ ᠪᠡᠶ ᠊ᠡ᠋᠋ ᠳᠠᠭᠠᠭᠠᠭᠰᠠᠨ ᠵᠦᠢᠯ ᠭᠡᠵᠦ ᠦᠵᠡᠬᠦ ᠪᠣᠯᠣᠯᠲᠠᠢ᠃[4]

ᠭᠣᠪᠢ ᠶ᠋ᠢᠨ
ᠰᠠᠷᠠᠯ
ᠪᠤᠶᠤ
silvester
bieti ᠶ᠋ᠢᠨ
ᠲᠠᠷᠬᠠᠯᠲᠠ

ᠲᠦᠯᠬᠢᠭᠦᠷ ᠦᠭᠡᠰ[засварлах | кодоор засварлах]

Asiatic wildcat
лесная кошка
гобийская серая кошка
степная кошка
мийнхэн

ᠡᠬᠢ ᠰᠤᠷᠪᠤᠯᠵᠢ[засварлах | кодоор засварлах]

  1. ᠪᠦ᠊᠂ ᠨᠠ᠊᠂ ᠮᠣ᠊᠂ ᠠ᠊᠂ ᠤ᠊ ᠊ᠤᠨ ᠤᠠᠯᠠᠭᠠᠨ ᠨᠣᠮ᠃ ᠶᠡᠷᠦᠩᠬᠡᠢ ᠷᠧᠳᠠᠻᠲ᠋ᠣᠷ ᠣ᠂ ᠱᠠᠭᠳᠤᠷᠰᠦᠷᠦᠩ᠃ ᠤᠯᠣᠰ ᠊ᠤᠨ ᠬᠡᠪᠯᠡᠯ ᠊ᠦᠨ ᠭᠠᠵᠠᠷ᠃ ᠤᠯᠠᠭᠠᠨᠪᠠᠭᠠᠲᠤᠷ 1987
  2. ᠪᠦ᠊᠂ ᠨᠠ᠊᠂ ᠮᠣ᠊᠂ ᠠ᠊᠂ ᠤ᠊ ᠊ᠤᠨ ᠤᠠᠯᠠᠭᠠᠨ ᠨᠣᠮ᠃ ᠶᠡᠷᠦᠩᠬᠡᠢ ᠷᠧᠳᠠᠻᠲ᠋ᠣᠷ ᠣ᠂ ᠱᠠᠭᠳᠤᠷᠰᠦᠷᠦᠩ᠃ ᠤᠯᠣᠰ ᠊ᠤᠨ ᠬᠡᠪᠯᠡᠯ ᠊ᠦᠨ ᠭᠠᠵᠠᠷ᠃ ᠤᠯᠠᠭᠠᠨᠪᠠᠭᠠᠲᠤᠷ 1987
  3. ᠪᠠ᠊᠂ ᠮᠢᠵᠦᠳᠳᠥᠷᠵᠢ᠃ ᠠᠯᠲᠠᠢ ᠶ᠋ᠢᠨ ᠴᠢᠨᠠᠳᠤ ᠭᠣᠪᠢ ᠶ᠋ᠢᠨ ᠬᠥᠬᠦᠲᠡᠨ ᠠᠮᠢᠲᠠᠳ᠃ ᠤᠯᠠᠭᠠᠨᠪᠠᠭᠠᠲᠤᠷ 2018᠃ ISBN: 978-99978-3-702-8
  4. www.wildcatfamily.com/felis-lineage/chinese-mountain-cat-felis-bieti Accessed 30 April 2020