ᠦᠢᠯᠡ ᠦᠭᠡ

Wikibilig-с
ᠱᠠᠭᠵᠢ ‍ᠢᠢᠨ ᠮᠣᠩᠭᠤᠯ ᠦᠰᠦᠭ ‍ᠦᠨ ᠳᠦᠷᠢᠮ ‍ᠦᠨ ᠲᠣᠯᠢ ‍ᠳᠤ ᠦᠢᠯᠡ ᠬᠡᠮᠡᠬᠦ ᠤᠬᠠᠭᠳᠠᠬᠤᠨ ‍ᠢ ᠲᠠᠢᠢᠯᠠᠪᠤᠷᠢᠯᠠᠭᠰᠠᠨ ᠠᠨᠤ


ᠦᠢᠯᠡ ᠬᠥᠳᠡᠯᠦᠯ᠂ ᠲᠣᠬᠢᠶᠠᠯᠳᠠᠴᠠ᠂ ᠪᠣᠯᠴᠠ᠂ ᠪᠠᠶ᠋ᠢᠭ᠎ᠠ ᠪᠠᠶ᠋ᠢᠳᠠᠯ ᠢ ᠢᠯᠡᠷᠬᠡᠶ᠋ᠢᠯᠡᠳᠡᠭ ᠦᠭᠡᠰ ᠢ ᠦᠢᠯᠡ ᠦᠭᠡ ᠭᠡᠮᠦᠢ᠃

ᠣᠯᠠᠨ ᠬᠡᠯᠡᠨ᠎ᠡ ᠦᠢᠯᠡ ᠦᠭᠡᠰ  ᠢ ᠢᠯᠭᠠᠯᠯᠠᠵᠤ᠂ ᠴᠠᠭ᠂ ᠥᠩᠭᠡ ᠠᠶᠠᠰ᠂ ᠵᠣᠷᠢᠯ ᠢ ᠦᠵᠡᠭᠦᠯᠬᠦ ᠤᠳᠬ᠎ᠠ ᠶᠢ ᠭᠠᠷᠭᠠᠨᠠᠮ᠃

ᠦᠢᠯᠡ ᠦᠭᠡ ᠢᠨᠤ ᠥᠪᠡᠷ᠎ᠡ ᠶᠢᠨ ᠭᠡᠰᠡᠨ ᠴᠠᠭ ᠲᠠᠢ᠃

ᠡᠭᠦᠨ᠎ᠡ ᠢᠷᠡᠭᠡᠳᠦᠢ᠂ ᠣᠳᠤ᠎ᠠ᠂ ᠥᠩᠭᠡᠷᠡᠭᠰᠡᠨ ᠪᠣᠯᠤᠢ᠃

ᠦᠢᠯᠡ ᠦᠭᠡ ᠶᠢᠨ ᠲᠥᠷᠦᠯ[засварлах | кодоор засварлах]


ᠬᠠᠩᠭᠢᠨ ‍ᠤ ᠭᠣᠮᠪᠤᠵᠠᠪ ‍ᠤᠨ ᠠᠩᠯᠢ ᠮᠣᠩᠭᠤᠯ ᠲᠣᠪᠴᠢ ᠲᠣᠯᠢ ‍ᠳᠤᠡᠰᠡ ᠲᠤᠰᠬᠤ ᠦᠢᠯᠡ ᠦᠭᠡ[засварлах | кодоор засварлах]

ᠰᠢᠭᠤᠳ ᠲᠤᠰᠤᠭᠳᠠᠬᠤᠨ ᠦᠭᠡᠢ ᠦᠢᠯᠡ ᠦᠭᠡ ᠶᠢ ᠡᠰᠡ ᠲᠤᠰᠬᠤ ᠦᠢᠯᠡ ᠦᠭᠡ ᠭᠡᠨᠡᠮ᠃

ᠥᠭᠡᠷ᠎ᠡ ᠪᠡᠷ ᠬᠡᠯᠡᠬᠦᠯ᠎ᠡ᠂ ᠥᠭᠦᠯᠡᠪᠦᠷᠢ ᠶᠢᠨ ᠲᠤᠰᠤᠭᠳᠠᠬᠤᠨ ᠢ ᠵᠠᠬᠢᠷᠴᠤ ᠦᠯᠦ ᠴᠢᠳᠠᠬᠤ ᠦᠢᠯᠡ ᠦᠭᠡᠰ ᠢ ᠮᠥᠨ ᠬᠡᠯᠡᠨ᠎ᠡ᠃

ᠵᠢᠱᠢᠶᠡᠯᠡᠪᠡᠯ᠄ ᠪᠠᠭᠰᠢ ᠢᠷᠡᠯ᠎ᠡ᠂ ᠪᠢ ᠣᠴᠢᠨ᠎ᠠ ᠭᠡᠬᠦ ᠮᠡᠲᠦ᠃

ᠡᠰᠡ ᠲᠤᠰᠬᠤ ᠦᠢᠯᠡ ᠦᠭᠡ ᠶᠢᠨ ᠠᠷᠤ ᠴᠠ ᠪᠠᠶ᠋ᠢᠴᠠ ᠣᠷᠵᠤ ᠪᠣᠯᠤᠮᠤᠢ᠃

ᠵᠢᠱᠢᠶᠡᠯᠡᠪᠡᠯ᠄ ᠪᠢ ᠲᠦᠷᠭᠡᠨ ᠭᠡᠷ ᠲᠡᠭᠡᠨ ᠬᠠᠷᠢᠨ᠎ᠠ᠃

ᠲᠤᠰᠬᠤ ᠦᠢᠯᠡ ᠦᠭᠡ[засварлах | кодоор засварлах]

ᠨᠡᠷ᠎ᠡ᠂ ᠨᠡᠷ᠎ᠡ ᠬᠡᠯᠡᠴᠡ ᠲᠠᠢ ᠪᠣᠯᠪᠠᠰᠤ ᠲᠤᠰᠬᠤ ᠦᠢᠯᠡ ᠦᠭᠡ ᠭᠡᠳᠡᠭ᠃

ᠡᠳᠡᠭᠡᠷ ᠨᠡᠷ᠎ᠡ ᠂ ᠨᠡᠷ᠎ᠡ ᠬᠡᠯᠡᠴᠡ ᠶᠢ ᠶᠡᠬᠡ ᠲᠥᠯᠦᠪ ᠰᠢᠭᠤᠳ ᠲᠤᠰᠤᠭᠳᠠᠬᠤᠨ ᠭᠡᠵᠤ ᠨᠡᠷᠡᠯᠡᠵᠤ ᠵᠠᠩᠰᠢᠵᠤᠬᠤᠢ᠃

ᠲᠤᠰᠬᠤ ᠦᠢᠯᠡ ᠦᠭᠡ ᠶᠢᠨ ᠣᠨᠴᠠᠯᠢᠭ ᠶᠠᠭᠤ ᠭᠡᠪᠡᠰᠦ᠂ ᠰᠢᠭᠤᠳ ᠲᠤᠰᠤᠭᠳᠠᠬᠤᠨ ᠢ ᠵᠢᠭᠠᠬᠤ ‍ᠶ᠋ᠢᠨ ᠲᠡᠶ᠋ᠢᠨ ᠢᠯᠭᠠᠯ ᠢᠢᠠᠷ ᠵᠠᠬᠢᠷᠴᠤ ᠴᠢᠳᠠᠳᠠᠭ ᠠᠵᠤᠭᠤ᠃

ᠵᠢᠰᠢᠶᠡᠯᠡᠪᠡᠰᠦ᠌᠄ ᠮᠢᠨᠤ ᠨᠠᠶ᠋ᠢᠵᠠ ᠰᠣᠨᠢᠨ ᠤᠩᠰᠢᠪᠠᠢ᠂ ᠮᠠᠨᠤ ᠭᠡᠷ ᠦᠨ ᠬᠢᠨ ᠨᠠᠭᠠᠳᠤᠮ ᠦᠵᠡᠯ᠎ᠡ ᠭᠡᠬᠦ ᠮᠡᠲᠦ᠃