ᠪᠯᠠᠻᠫᠢᠨ᠍ᠻ

Wikibilig-с
ᠬᠠᠮᠲᠤᠯᠢᠭ ‍ᠤᠨ
ᠪᠡᠯᠭᠡᠳᠡᠯ

ᠪᠯᠠᠻᠫᠢᠨ᠍ᠻ (Blackpink; ᠰᠣᠯᠣᠩᠭᠤᠰ ᠢᠢᠠᠷ 블랙핑크; ᠶᠡᠬᠡᠪᠴᠢᠯᠡᠨ BLΛƆKPIИK ) ᠪᠣᠯ ᠡᠮᠦᠨᠡᠳᠦ ᠰᠣᠯᠣᠩᠭᠣᠰ ᠤᠨ YG ᠧᠨ᠍ᠲ᠋ᠧᠷᠲ᠋ᠠᠶ᠋ᠢᠨ᠍ᠮᠧᠨ᠍ᠲEntertainment ᠡᠴᠠ ᠪᠡᠯᠡᠳᠬᠡᠭᠰᠡᠨ ᠥᠬᠢᠳ ᠦᠨ ᠬᠠᠮᠲᠤᠯᠢᠭ ᠪᠢᠯᠡ᠃

ᠭᠢᠰᠢᠭᠦᠳ ᠨᠢ᠄ ᠵᠢᠰᠦJisoo᠂ ᠵᠧᠨᠢJennie᠂ ᠷᠣᠰᠡRosé᠂ ᠯᠢᠰᠠLisa - ᠡᠳᠡᠭᠡᠷ ᠪᠣᠯᠠᠢ᠃

ᠲᠤᠰ ᠬᠠᠮᠲᠤᠯᠢᠭ 2016 ᠣᠨ ᠳᠤ Whistle ᠪᠣᠯᠤᠨ Boombayah ᠵᠡᠷᠭᠡ ᠳᠠᠭᠤᠤ ᠨᠤᠭᠤᠳ ᠢ ᠪᠠᠭᠲᠠᠭᠠᠭᠰᠠᠨ Square One ᠭᠡᠳᠡᠭ ᠴᠣᠮᠣᠭ ‍ᠢᠢᠠᠷ ᠳ᠋ᠧᠪᠦ᠋ᠲ᠋ᠯᠡᠵᠡᠢdebut

ᠴᠢᠨᠭ᠌ᠭᠢᠮᠡᠭᠴᠡ ᠲᠡᠳᠡ ᠡᠮᠦᠨᠡᠳᠦ ᠰᠣᠯᠤᠩᠭᠤᠰ ᠤᠨ Gaon ᠳ᠋ᠢᠵᠢᠲ᠋ᠠᠯdigital ᠵᠢᠭᠰᠠᠭᠠᠯᠲᠠ᠂ ᠪᠢᠯᠯᠪᠣᠸᠠᠷᠳ᠋Billboard ‍ᠤᠨ ᠵᠢᠭᠰᠠᠭᠠᠯᠲᠠ ᠶᠢ ᠲᠡᠷᠢᠭᠦᠯᠦᠭᠰᠡᠨ ᠠᠵᠤᠭᠤ᠃

ᠪᠢᠯᠯᠪᠣᠸᠠᠷᠳ᠋ ᠾᠣᠲhot 100᠂ ᠪᠢᠯᠯᠪᠣᠸᠠᠷᠳ᠋ 20᠐ ᠳᠤ ᠲᠡᠷᠢᠭᠦᠯᠦᠭᠰᠡᠨ ᠡᠮᠡᠭᠲᠡᠢ ᠰᠣᠯᠣᠩᠭᠣᠰ ᠤᠷᠠᠨ ᠪᠦᠲᠦᠭᠡᠯᠴᠢᠳ ᠶᠠᠭᠠᠬᠢᠬᠤ ᠠᠷᠭ᠎ᠠ ᠦᠭᠡᠢ ᠮᠥᠨ᠃

Kill This Love How᠂ You Like That ᠳᠠᠭᠤᠤ ᠨᠤᠭᠤᠳ ᠨᠢ 24 ᠴᠠᠭ ᠲᠤ ᠬᠠᠮᠤᠭ ᠤᠨ ᠶᠡᠬᠡ ᠦᠵᠡᠯᠲᠡᠲᠡᠢ ᠪᠣᠯᠵᠤ᠂ ᠤᠯᠠᠮ ‍ᠢᠢᠠᠷ ᠬᠢᠨ᠍ᠧᠰ ᠦᠨ ᠷᠧᠻᠣᠷᠳ᠋ ᠢGuinness Records ᠡᠪᠳᠡᠭᠰᠡᠨ ᠪᠠᠶ᠋ᠢᠳᠠᠭ᠃

ᠶᠦᠲ᠋ᠦᠪYoutube ᠰᠦᠯᠵᠢᠶᠡᠨ᠎ᠡ ᠭᠤᠷᠪᠠᠨ ᠳᠠᠭᠤᠤ ᠨᠢ 1 ᠲᠡᠷᠪᠤᠮ ᠬᠦᠷᠦᠭᠰᠡᠨ ᠠᠩᠬᠠᠨ ᠤ ᠰᠣᠯᠣᠨᠭ᠌ᠭᠣᠰ ᠤᠨ ᠤᠷᠠᠨ ᠪᠦᠲᠦᠭᠡᠯᠴᠢᠳ ᠪᠣᠯᠤᠭᠰᠡᠨ ᠶᠤᠮ᠃

ᠣᠳᠣ ᠪᠠᠷ ᠪᠯᠠᠻᠫᠢᠨ᠍ᠻ ᠰᠫᠣᠲ᠋ᠢᠹᠠᠢSpotify᠂ ᠶᠦᠲ᠋ᠦᠪ ᠵᠡᠷᠭᠡ  ᠳᠦ ᠬᠠᠮᠤᠭ ᠤᠨ ᠣᠯᠠᠨ ᠳᠠᠭᠠᠭᠴᠢᠳ ᠲᠠᠢ ᠪᠠᠶ᠋ᠢᠭ᠎ᠠ ᠬᠠᠮᠲᠤᠯᠢᠭ ᠪᠠᠶ᠋ᠢᠨᠠᠮ᠃


ᠵᠠᠮᠨᠠᠯ[засварлах | кодоор засварлах]

2010-2016 ᠣᠨ᠄ ᠬᠠᠮᠲᠤᠯᠠᠭ ᠪᠦᠷᠢᠯᠳᠦᠭᠰᠡᠨ ᠪᠠ ᠳ᠋ᠧᠪᠦ᠋ᠲ᠋ ‍ᠦᠨ ᠡᠮᠦᠨᠡᠬᠢ ᠦᠢᠯᠡ ᠠᠵᠢᠯᠯᠠᠭ᠎ᠠ[засварлах | кодоор засварлах]

ᠭᠠᠯ ‍ᠢᠢᠠᠷ ᠨᠠᠭᠠᠳᠬᠤᠢ ᠬᠡᠮᠡᠬᠦ ᠳᠠᠭᠤᠤ ‍ᠢᠢ ᠳᠠᠭᠤᠯᠠᠵᠤ ᠪᠠᠢᠢᠭ᠎ ‍ᠠ᠋ ᠨᠢ᠂
2016 ᠣᠨ

2009 ᠣᠨ ᠳᠤ 2NE1 ᠬᠠᠮᠲᠤᠯᠢᠭ  ᠳ᠋ᠧᠪᠦ᠋ᠲ᠋ᠯᠡᠭᠰᠡᠨ ᠦ ᠳᠠᠷᠠᠭ᠎ᠠ YG ᠧᠨ᠍ᠲ᠋ᠧᠷᠲ᠋ᠠᠶ᠋ᠢᠨ᠍ᠮᠧᠨ᠍ᠲ ᠣᠯᠠᠨ ᠤᠯᠤᠰ ᠳᠠᠶᠠᠭᠠᠷ ᠥᠰᠪᠦᠷᠢ ᠨᠠᠰᠤᠨᠤᠬᠢᠨ ᠤ ᠳᠤᠮᠳᠠ ᠠᠴᠠ ᠳᠠᠷᠠᠭᠠᠴᠢ ᠶᠢᠨ ᠤᠷᠠᠨ ᠪᠦᠲᠦᠭᠡᠯᠴᠢᠳ ᠢ ᠰᠣᠩᠭᠣᠨ ᠰᠢᠯᠭᠠᠷᠠᠭᠤᠯᠵᠤ ᠡᠬᠢᠯᠡᠭᠰᠡᠨ ᠡᠴᠡ ᠪᠯᠠᠻᠫᠢᠨ᠍ᠻ ᠦᠨ ᠡᠭᠦᠰᠡᠯ ᠡᠬᠢᠯᠡᠯ ᠲᠡᠢ᠃

ᠲᠡᠳᠡᠨ ᠦ ᠦᠭᠡ ᠪᠡᠷ᠄ ᠰᠣᠩᠭᠣᠨ ᠰᠢᠯᠭᠠᠷᠠᠭᠤᠯᠤᠯᠲᠠ ᠳᠤ ᠣᠷᠵᠤ ᠲᠡᠩᠴᠡᠭᠡᠳ᠂ ᠪᠡᠯᠡᠳᠬᠡᠭᠳᠡᠭᠴᠢ ᠪᠣᠯᠤᠭᠰᠠᠨ ᠨᠢ ᠬᠠᠲᠠᠭᠤ ᠳᠡᠭᠯᠡᠮ ᠲᠡᠢ ᠰᠤᠷᠭᠠᠭᠤᠯᠢ ᠳᠤ ᠪᠠᠶ᠋ᠢᠭ᠎ᠠ ᠶᠤᠮ᠎ ᠰᠢᠬ᠂ The X Factor ᠲᠤ ᠪᠤᠢ ᠶᠤᠮ ᠰᠢᠭ ᠬᠡᠮᠡᠵᠦᠬᠦᠢ᠃

ᠭᠠᠳᠠᠭᠠᠳᠤ ᠠᠴᠠ ᠢᠷᠡᠭᠰᠡᠨ ᠭᠡᠰᠢᠭᠦᠳ ᠦᠨ ᠬᠤᠪᠢ ᠳᠤ ᠪᠤᠶᠤ ᠲᠥᠷᠦᠭᠰᠡᠨ ᠭᠡᠷ ᠡᠴᠡ ᠪᠡᠨ ᠬᠣᠯᠠ ᠠᠮᠢᠳᠠᠷᠠᠭᠴᠢ ᠭᠡᠰᠢᠭᠦᠳ ᠦᠨ ᠬᠤᠪᠢ ᠳᠤ ᠰᠣᠯᠣᠩᠭᠣᠰ ᠤᠨ ᠲᠡᠰ ᠥᠭᠡᠷ᠎ᠡ ᠰᠣᠶᠤᠯ ᠨᠢ ᠶᠡᠬᠡ ᠬᠡᠴᠡᠭᠦᠦ ᠪᠠᠶ᠋ᠢᠭᠰᠠᠨ ᠬᠡᠮᠡᠵᠡᠢ᠃

2011 ᠣᠨ ᠠᠴᠠ ᠪᠯᠠᠻᠫᠢᠨ᠍ᠻ ᠦᠨ ᠳ᠋ᠧᠪᠦ᠋ᠲ ᠦᠢᠯᠡ ᠠᠵᠢᠯᠯᠠᠭ᠎ᠠ ᠠᠬᠢᠯᠡᠭᠰᠡᠨ ᠪᠥᠭᠡᠳ᠂ YG ᠮᠡᠳᠡᠭᠳᠡᠬᠦ ᠳᠦ ᠪᠡᠨ᠄ 2012 ᠣᠨ ᠤ ᠡᠬᠢᠨ ᠳᠦ᠂ 7 ᠬᠡᠰᠢᠭᠦᠨ ᠪᠡᠷ ᠰᠢᠨ᠎ᠡ ᠬᠠᠮᠲᠤᠯᠢᠭ ᠭᠠᠷᠭᠠᠨ᠎ᠠ ᠬᠡᠮᠡᠭᠰᠡᠨ ᠴᠤ ᠬᠣᠶ᠋ᠢᠰᠢᠯᠠᠵᠤ᠂ 2016 ᠣᠨ ᠬᠦᠷᠲᠡᠯ᠎ᠡ ᠰᠤᠩᠵᠢᠷᠠᠭᠰᠠᠨ ᠪᠢᠯᠡ᠃

ᠬᠠᠮᠤᠭ ᠤᠨ ᠡᠬᠢᠨ᠎ᠡ ᠵᠧᠨᠢ ᠶᠢ ᠬᠠᠮᠲᠤᠯᠠᠭ ᠤᠨ ᠭᠡᠰᠢᠭᠦᠨ ᠢᠢᠡᠷ ᠲᠣᠭᠲᠠᠭᠠᠭᠰᠠᠨ᠂ ᠳᠠᠷᠠᠭ᠎ᠠ ᠨᠢ ᠯᠢᠰᠠ᠂ ᠭᠤᠷᠪᠠᠳᠠᠬᠢ ᠨᠢ ᠵᠢᠰᠦ᠂ ᠡᠴᠦᠰ ᠦᠨ ᠬᠢ ᠨᠢ ᠷᠣᠰᠡ ᠪᠠᠢᠢᠪᠠ᠃

ᠨᠢᠭᠡᠳᠦᠭᠡᠷ ᠰᠠᠷ᠎ᠠ ᠶᠢᠨ 29᠎ ᠳ᠋ᠦ YG  ᠠ᠋ᠴᠠ ᠰᠢᠨ᠎ᠡ ᠥᠬᠢᠳ ᠦᠨ ᠬᠠᠮᠲᠤᠯᠢᠭ ᠭᠠᠷᠭᠠᠬᠤ ᠪᠠᠷ ᠪᠣᠯᠤᠭᠰᠠᠨ ᠢᠢᠠᠨ ᠵᠠᠷᠯᠠᠵᠤ᠂ ᠪᠯᠠᠻᠫᠢᠨ᠍ᠻ ᠭᠡᠳᠡᠭ ᠨᠡᠷ᠎᠎ᠡ ᠶᠢ ᠥᠭᠭᠦᠵᠡᠢ᠃

ᠡᠨᠡ ᠨᠢ 《ᠬᠥᠭᠡᠷᠦᠬᠡᠨ ᠪᠠᠶ᠋ᠢᠬᠤ ᠨᠢ ᠣᠨᠴᠠ ᠪᠢᠰᠢ》 ᠭᠡᠰᠡᠨ ᠤᠳᠬ᠎ᠠ ᠪᠦᠬᠦᠢ ᠶᠤᠮ᠃

ᠢᠩᠭᠢᠭᠡᠳ ᠲᠡᠳᠡ 2016 ᠣᠨ ᠤ ᠨᠠᠢᠮᠠᠳᠤᠭᠠᠷ ᠰᠠᠷ᠎ᠠ ᠶᠢᠨ 8 ‍ᠳᠤ ᠳ᠋ᠸᠪᠦ᠋ᠲ᠋ᠯᠡᠭᠰᠡᠨ ᠪᠠᠶ᠋ᠢᠨ᠎ᠠ᠃


2016-2017᠄ ᠳ᠋ᠧᠪᠦ᠋ᠲ᠂ ᠨᠡᠷ᠎ᠡ ᠬᠦᠨᠳᠦ ᠨᠢ ᠥᠰᠦᠭᠰᠡᠨ ᠨᠢ᠂ ᠠᠮᠵᠢᠯᠲᠠ[засварлах | кодоор засварлах]

ᠠᠶᠠᠯᠠᠨ ᠲᠣᠭᠯᠠᠯᠲᠠ ‍ᠢᠢᠨ ᠦᠶ ‍ᠡ᠋ ᠪᠡᠷ᠂
2019 ᠣᠨ


YG  ‍ᠢᠢᠨ ᠵᠦᠭ ᠡᠴᠡ 2016 ᠣᠨ ᠤ ᠨᠠᠢᠮᠠᠳᠤᠭᠠᠷ ᠰᠠᠷ᠎ᠠ ᠠᠴᠠ ᠡᠬᠢᠯᠡᠨ ᠫᠣᠰᠲᠧᠷposter ᠵᠢᠷᠤᠭ᠂ ᠪᠠᠰᠠ ᠪᠤᠰᠤ ᠪᠢᠴᠢᠯᠭᠡ ᠨᠦᠭᠦᠳ ᠢ ᠰᠠᠴᠠᠵᠤ ᠪᠠᠶ᠋ᠢᠪᠠ᠃ ᠲᠡᠳᠡ ᠡᠶ᠋ᠢᠨᠬᠦ 2016 ᠣᠨ ᠤ ᠨᠠᠶᠮᠠᠳᠤᠭᠠᠷ ᠰᠠᠷ᠎ᠠ ᠶᠢᠨ 8 ᠳᠤ 《ᠪᠦ᠋ᠮᠪᠠᠶ᠎ᠠ (Boombayah)》 ᠂ 《ᠢᠰᠭᠡᠷᠬᠦᠢ (Whistle) 》 ᠵᠡᠷᠭᠡ ᠳᠠᠭᠤᠤ ᠨᠤᠭᠤᠳ ᠪᠠᠭᠲᠠᠭᠰᠠᠨ Square One ᠬᠡᠮᠡᠬᠦ ᠨᠡᠷᠡᠲᠦ ᠴᠣᠮᠤᠭ ᠢᠢᠠᠷ ᠢᠢᠠᠨ ᠳ᠋ᠧᠪᠦ᠋ᠲ᠋ᠯᠡᠵᠡᠢ᠃