ᠬᠠᠭᠤᠷᠮᠠᠭ ᠲᠣᠭ ᠊ᠠ᠋

Wikibilig-с

ᠪᠣᠳᠠᠲᠤ ᠬᠡᠰᠡᠭ ᠢᠨᠦ ᠲᠡᠭ (0) ᠤᠳᠬ ‍ᠠ᠋ ᠲᠠᠢ ᠺᠣᠮᠫ᠊ᠯᠧᠺᠰ ᠲᠣᠭ᠎ᠠ ‍ᠢᠢ ᠬᠠᠭᠤᠷᠮᠠᠭ ᠲᠣᠭ᠎ ‍ᠠ᠋ ᠬᠠᠮᠠᠮᠦᠢ᠃

ᠬᠠᠭᠤᠷᠮᠠᠭ ᠲᠣᠭ᠎ ‍ᠠ᠋ ‍ᠢᠢ ᠺᠸᠠᠲᠷᠠᠲquadrate ᠵᠡᠷᠭᠡ ᠳ᠋ᠦ ᠳᠡᠪᠰᠢᠭᠦᠯᠬᠦ ᠳ᠋ᠦ ᠬᠠᠰᠤᠬᠤ ᠤᠳᠬ ‍ᠠ᠋ ᠲᠠᠢ ᠬᠠᠷᠢᠭᠤ ᠭᠠᠷᠤᠨ᠎ ‍ᠠ᠋᠃[1]

ᠲᠡᠭᠡᠬᠦ ᠪᠡᠷ ᠬᠠᠭᠤᠷᠮᠠᠭ ᠲᠣᠭ᠎ ‍ᠠ᠋ ᠠᠨᠤ ᠬᠠᠰᠤᠬᠤ ᠤᠳᠬ ‍ᠠ᠋ ᠲᠠᠶ ᠲᠣᠭᠠᠨ ‍ᠤ ᠬᠸᠠᠲᠷᠠᠲ ᠢᠵᠠᠭᠤᠷ ᠮᠥᠨ᠃

ᠲᠡᠭ (0) ᠲᠣᠭ᠎ ‍ᠠ᠋ ᠪᠣᠳᠠᠲᠤ ᠪᠤᠶᠤ ᠬᠠᠭᠤᠷᠮᠠᠭ ᠲᠣᠭ᠎ ‍ᠠ᠋ ᠠᠯᠢ ᠨᠢ ᠴᠤ ᠪᠠᠢᠢᠵᠤ ᠪᠣᠯᠤᠨ᠎ ‍ᠠ᠋᠃ᠳᠦᠷᠰᠦᠯᠡᠯ[засварлах | кодоор засварлах]


ᠬᠠᠭᠤᠷᠮᠠᠭ ᠲᠣᠭ᠎ᠠ ᠪᠦᠬᠦᠢ ᠲᠣᠭᠠᠴᠠᠭᠠᠯᠠᠯ ‍ᠤᠨ ᠳᠦᠷᠰᠦᠯᠡᠯ᠃


ᠺᠣᠮᠫ᠊ᠯᠧᠺᠰ ᠲᠣᠭ᠎ᠠ ‍ᠢᠢᠨ ᠬᠠᠪᠲᠠᠭᠠᠢ ᠨᠢ ᠬᠡᠪᠲᠡᠭᠡ ᠲᠡᠩᠬᠡᠯᠢᠭ ᠪᠠ ᠪᠣᠰᠤᠭ᠎ ‍ᠠ᠋ ᠲᠡᠩᠬᠡᠯᠢᠭ ᠡᠴᠡ ᠪᠦᠷᠢᠳᠦᠳᠡᠭ᠃

ᠬᠠᠭᠤᠷᠮᠠᠬ ᠲᠣᠭ᠎ ‍ᠠ᠋ ‍ ‍ᠢᠢᠨ ᠣᠯᠠᠨᠯᠢᠭ ᠪᠣᠰᠤᠭ᠎ ‍ᠠ᠋ ᠲᠡᠩᠬᠡᠯᠢᠭ ᠲᠦ ᠪᠠᠢᠢᠷᠢᠰᠢᠳᠠᠭ᠃

ᠬᠡᠪᠲᠡᠭᠡ ᠲᠡᠩᠬᠡᠯᠢᠭ ᠲᠦ ᠪᠣᠳᠠᠲᠤ ᠲᠣᠭ᠎ ‍ᠠ᠋ ‍ᠢᠢ ᠪᠠᠢᠢᠷᠢᠰᠢᠭᠤᠯᠳᠠᠭ᠃

ᠭᠧᠣᠮᠧᠲ᠋ᠧᠷ ᠳᠦᠷᠰᠦᠯᠡᠯ ᠳ᠋ᠦ ‍–1 ‍‍ᠢᠢᠡᠷ ᠦᠷᠡᠵᠢᠭᠦᠯᠬᠦ ᠡᠬᠢᠯᠡᠯ ᠴᠡᠭ ‍ᠢ ᠲᠣᠭᠤᠷᠢᠭᠰᠠᠨ 180 ᠬᠡᠮ ‍ᠦᠨ ᠡᠷᠭᠢᠯᠲᠡ ᠪᠣᠯᠤᠨ᠎ ‍ᠠ᠋᠃ ‍

i ᠲᠣᠭ᠎ ‍ᠠ᠋ ‍ᠪᠡᠷ ᠦᠷᠡᠵᠢᠯᠭᠦᠯᠬᠦ ᠢᠨᠦ ᠨᠠᠷᠠ ᠪᠤᠷᠤᠭᠤ “ᠡᠶᠡᠷᠭᠦ” ᠴᠢᠭ᠌ ᠲᠦ 90 ᠬᠡᠮ ‍ᠦᠨ ᠡᠷᠭᠢᠯᠲᠡ ᠪᠣᠯᠬᠤ ᠪᠠ ᠬᠡᠷᠪᠡ i2 = -1 ᠭᠡᠰᠡᠨ ᠲᠡᠭᠰᠢᠳᠬᠡᠯ ᠢᠨᠦ ᠡᠬᠢᠯᠡᠯ ᠴᠡᠭ ‍ᠢ ᠲᠣᠭᠤᠷᠢᠭᠰᠠᠨ 90 ᠬᠡᠮ ‍ᠦᠨ ᠬᠣᠶᠠᠷ ᠡᠷᠭᠢᠯᠲᠡ ᠭᠡᠵᠦ ᠦᠵᠡᠪᠡᠯ ᠦᠷ ‍ᠡ᠋ ᠳ᠋ᠦ᠋ᠩ ᠢᠨᠦ ᠭᠠᠭᠴᠠ 180 ᠬᠡᠮ ‍ᠦᠨ ᠡᠷᠭᠢᠯᠲᠡ ᠪᠣᠯᠤᠨ᠎ ‍ᠠ᠋᠃

“ᠰᠥᠷᠭᠦ” (ᠨᠠᠷᠠ ᠵᠥᠪ) ᠴᠢᠭ᠌ ᠲᠦ 90 ᠬᠡᠮ ᠡᠷᠭᠢᠬᠦ ᠢᠨᠦ ᠮᠥᠨ ᠡᠨᠡ ᠳᠦᠷᠰᠦᠯᠡᠯ ᠳ᠋ᠦ ᠨᠡᠶ᠋ᠢᠴᠡᠬᠦ ᠪᠠ x2 = -1 ᠭᠡᠰᠡᠨ ᠲᠡᠭᠰᠢᠳᠬᠡᠯ ‍ᠦᠨ ᠰᠶ᠋ᠢᠳ −i ᠪᠣᠯᠬᠤ ‍ᠢ ᠬᠠᠷᠠᠭᠤᠯᠵᠤ ᠪᠠᠢᠢᠨ᠎ ‍ᠠ᠋᠃

ᠶᠡᠷᠦᠩᠬᠡᠢᠢ ᠳ᠋ᠦ ᠪᠡᠨ ᠺᠣᠮᠫ᠊ᠯᠧᠻᠰ ᠲᠣᠭ᠎ ‍ᠠ᠋ ᠪᠠᠷ ᠦᠷᠡᠵᠢᠯᠭᠦᠯᠬᠦ ᠢᠨᠦ ᠡᠬᠢᠯᠡᠯ ᠴᠡᠭ ‍ᠢ ᠲᠣᠭᠤᠷᠢᠭᠤᠯᠤᠨ ᠻᠣᠮᠫ᠊ᠯᠧᠻᠰ ᠲᠣᠭᠠᠨ ‍ᠤ ᠠᠷᠭᠤᠮᠧᠨ᠍ᠲargument ‍ᠢᠢᠠᠷ ᠡᠷᠭᠢᠭᠦᠯᠵᠦ᠂ ᠴᠠᠷ ᠬᠡᠮᠵᠢᠶ ‍ᠡ᠋ ᠪᠡᠷ ᠢᠨᠦ ᠤᠷᠲᠤ ‍ᠢᠢ ᠴᠢᠴᠠᠤᠯᠠᠬᠤ ᠦᠢᠯᠡᠳᠦᠯ ᠪᠣᠯᠤᠨ᠎ᠠ᠃

ᠻᠣᠮᠫ᠊ᠯᠧᠻᠰ ᠲᠣᠭᠠᠨ ‍ᠤ ᠠᠷᠭᠤᠮᠧᠨ᠍ᠲ ᠭᠡᠳᠡᠭ ᠢᠨᠦ ᠪᠣᠳᠠᠲᠤ ᠲᠣᠭᠠᠨ ‍ᠤ ᠲᠡᠩᠬᠡᠯᠢᠭ ᠪᠠ ᠡᠬᠢᠯᠠᠯ ᠴᠡᠭ ‍ᠢ ᠻᠣᠮᠫ᠊ᠯᠧᠻᠰ ᠲᠣᠭ᠎ᠠ z ᠲᠡᠢ ᠬᠣᠯᠪᠤᠵᠤ ᠪᠠᠢᠢᠭ᠎ᠠ ᠱᠤᠭᠤᠮ ᠬᠣᠭᠤᠷᠤᠨᠳᠤ ‍ᠢᠢᠨ ᠥᠨᠴᠦᠭ φ ᠶᠤᠮ᠃


ᠪᠣᠳᠠᠲᠤ ᠲᠣᠭ᠎ᠠ ‍ᠢᠢᠨ ᠲᠡᠩᠬᠡᠯᠢᠭ ᠪᠠ ᠬᠠᠭᠤᠷᠮᠠᠭ ᠲᠣᠭ᠎ᠠ ‍ᠢᠢᠨ ᠲᠡᠩᠬᠡᠯᠢᠭ ᠲᠦ ᠻᠣᠮᠫ᠊ᠯᠧᠻᠰcomplex ᠲᠣᠭ᠎ᠠ ‍ᠢᠢᠨ ᠠᠷᠭᠤᠮᠧᠨ᠍ᠲargument ᠨᠢ ᠥᠨᠴᠦᠭ φ


ᠬᠡᠷᠡᠭᠯᠡᠭᠡ[засварлах | кодоор засварлах]

ᠬᠠᠭᠤᠷᠮᠠᠭ ᠨᠢᠭᠡᠴᠡ ‍ᠢᠢ i ᠦᠰᠦᠭ ‍ᠢᠢᠡᠷ ᠲᠡᠮᠳᠡᠭᠯᠡᠬᠦ ᠠᠭᠠᠳ ᠧᠯᠧᠺᠲ᠋ᠷᠣᠨᠢᠭ᠌ ᠲᠦelectronic j ᠦᠰᠦᠭ ‍ᠢᠢᠡᠷ ᠲᠡᠮᠳᠡᠭᠯᠡᠨ᠎ ‍ᠡ᠋᠃

ᠡᠨᠡ ᠢᠨᠦ i ᠦᠰᠦᠭ ‍ᠢᠢᠡᠷ ᠲᠡᠮᠳᠡᠭᠯᠡᠳᠡᠭ ᠴᠠᠬᠢᠯᠭᠠᠨ ᠭᠦᠶᠦᠳᠡᠯ ᠡᠴᠡ ᠢᠯᠭᠠᠬᠤ ᠱᠠᠭᠠᠷᠳᠠᠯᠭ᠎ ‍ᠠ᠋ ᠡᠴᠡ ᠤᠷᠭᠤᠨ ᠭᠠᠷᠤᠭᠰᠠᠨ ᠤᠯᠠᠮᠵᠢᠯᠠᠯ ᠶᠤᠮ᠃

ᠬᠠᠭᠤᠷᠮᠠᠭ ᠲᠣᠭ᠎ ‍ᠠ᠋ ᠧᠯᠧᠺᠲ᠋ᠷᠣᠨᠢᠭ᠌ ᠲᠦ᠂ ᠢᠯᠠᠩᠭᠤᠶ ‍ᠠ᠋ ᠬᠤᠪᠢᠰᠬᠤ ᠭᠦᠶᠦᠳᠡᠯ ᠳ᠋ᠦ ᠣᠨᠴᠤᠭᠤᠢ ᠠᠴᠢ ᠬᠣᠯᠪᠤᠭᠳᠠᠯ ᠲᠠᠢ᠃

ᠬᠤᠪᠢᠰᠬᠤ ᠭᠦᠶᠦᠳᠡᠯ ᠰᠢᠨᠦ᠋ᠰsinus ᠳᠣᠯᠭᠢᠶᠠᠨ ‍ᠳᠤ ᠨᠡᠮᠡᠬᠦ ᠪᠠ ᠬᠠᠰᠤᠬᠤ ‍ᠢᠢᠨ ᠬᠣᠭᠤᠷᠤᠨᠳᠤ ᠰᠣᠯᠢᠭᠳᠠᠳᠠᠭ᠃[2]


ᠬᠤᠪᠢᠰᠬᠤ ᠭᠦᠶᠦᠳᠡᠯ ᠪᠦᠬᠦᠢ ᠡᠷᠴᠢᠮ ᠬᠦᠴᠦ᠃ P ᠢᠨᠦ ᠢᠳᠡᠪᠬᠢᠲᠦ ᠴᠢᠳᠠᠯ᠂ Q ᠢᠨᠦ ᠬᠠᠷᠢᠭᠤ ᠢᠳᠡᠪᠬᠢᠲᠦ ᠴᠢᠳᠠᠯ᠂ S ᠨᠡᠶ᠋ᠢᠯᠡᠪᠦᠷᠢ ᠴᠢᠳᠠᠯ᠃


ᠳᠣᠯᠭᠢᠶᠠᠨ ‍ᠢ ᠶᠠᠪ ᠴᠠᠪ ᠲᠠᠭᠠᠷᠠᠭᠤᠯᠬᠤ ᠬᠡᠴᠡᠭᠦᠦ ᠲᠤᠯᠠ ᠬᠤᠪᠢᠰᠬᠤ ᠭᠦᠶᠦᠳᠡᠯ ‍ᠦᠳ ‍ᠢ ᠳᠠᠪᠬᠤᠷᠯᠠᠬᠤ ᠨᠡᠨ ᠲᠦᠪᠡᠭ ᠲᠡᠢ᠃

ᠬᠠᠷᠢᠨ ᠲᠥᠰᠦᠭᠡᠯᠡᠯ ᠭᠦᠶᠦᠳᠡᠯ ‍ᠢ ᠪᠣᠳᠠᠲᠤ ᠲᠣᠭ᠎ ‍ᠠ᠋ ᠨᠤᠭᠤᠳ ᠲᠠᠶ ᠬᠣᠣᠰᠮᠠᠭᠯᠠᠭᠤᠯᠤᠭᠰᠠᠨ ‍ᠢᠢᠠᠷ ᠬᠤᠪᠢᠰᠬᠤ ᠭᠦᠶᠦᠳᠡᠯ ‍ᠦᠨ ᠲᠣᠭᠠᠴᠠᠭ᠎ ‍ᠠ᠋ ᠬᠢᠵᠦ᠂ ᠴᠠᠬᠢᠯᠭᠠᠨ ‍ᠤ ᠣᠰᠤᠯ ᠡᠴᠡ ᠤᠷᠢᠳᠤᠴᠢᠯᠠᠨ ᠰᠡᠷᠭᠡᠢᠢᠯᠡᠬᠦ ᠲᠤᠰᠠ ᠲᠠᠢ ᠪᠠᠢᠢᠳᠠᠭ᠃

ᠬᠠᠭᠤᠷᠮᠠᠭ ᠲᠣᠭ᠎ ‍ᠠ᠋ ‍ᠢᠢ ᠮᠥᠨ ᠰᠢᠭ᠌ᠨᠠᠯsignal ᠪᠣᠯᠪᠠᠰᠤᠷᠠᠭᠤᠯᠬᠤ ᠲᠧᠺᠨᠣᠯᠣᠭᠢ ᠳ᠋ᠤtechnology ᠠᠰᠢᠭᠯᠠᠳᠠᠭ᠃

ᠡᠨᠡ ᠨᠢ ᠡᠭᠦᠷ ᠦᠨ ᠬᠣᠯᠪᠤᠭ᠎ ‍ᠠ᠋᠂ ᠤᠲᠠᠰᠤ ᠦᠭᠡᠢ ᠳᠠᠮᠵᠢᠭᠤᠯᠤᠯᠲᠠ᠂ ᠷᠠᠳᠠᠷradar᠂ ᠪᠢᠣᠯᠣᠭᠢbiology (ᠲᠠᠷᠢᠬᠢᠨ ‍ᠤ ᠳᠣᠯᠭᠢᠶᠠᠨ) ᠰᠤᠳᠤᠯᠬᠤ ᠳ᠋ᠤ ᠬᠠᠮᠢᠶᠠᠷᠤᠨ᠎ ‍ᠠ᠋᠃

ᠶᠡᠷᠦ᠂ ᠰᠢᠨᠦ᠋ᠰ ᠪᠠ ᠺᠣᠰᠢᠨᠦ᠋ᠰcosinus ᠳᠣᠯᠭᠢᠶᠠᠨ ᠪᠦᠬᠦᠢ ᠵᠦᠢᠯ ‍ᠢ ᠬᠡᠮᠵᠢᠬᠦ᠂ ᠲᠣᠭᠠᠴᠠᠭᠠᠯᠬᠤ ᠳ᠋ᠤ ᠬᠠᠭᠤᠷᠮᠠᠭ ᠲᠣᠭ᠎ ‍ᠠ᠋ ᠴᠢᠬᠤᠯᠠ ᠬᠡᠷᠡᠭ ᠲᠡᠢ᠃[1]


ᠨᠡᠷ ‍ᠡ᠋ ᠲᠣᠮᠢᠶᠠᠯᠠᠯ[засварлах | кодоор засварлах]

ᠪᠣᠳᠠᠲᠤ ᠲᠣᠭ᠎ᠠ - real number - действительное число

ᠬᠠᠭᠤᠷᠮᠠᠭ ᠨᠢᠭᠡᠴᠡ - imaginary unit - мнимая единица

ᠬᠠᠭᠤᠷᠮᠠᠭ ᠲᠣᠭ᠎ᠠ - imaginary number - чисто мнимое число

ᠺᠣᠮᠫ᠊ᠯᠧᠺᠰ ᠲᠣᠭ᠎ᠠ - complex number - комплексное число

ᠪᠣᠳᠠᠲᠤ ᠬᠡᠰᠡᠭ - real part - действительная часть

ᠬᠠᠭᠤᠷᠮᠠᠭ ᠬᠡᠰᠡᠭ - imaginaty part - мнимая часть

ᠲᠡᠩᠬᠡᠯᠢᠭ - axis - ось

ᠣᠯᠠᠨᠯᠢᠭ - set - множество

ᠡᠶᠡᠷᠭᠦ - positive - положительный

ᠰᠥᠷᠭᠦ - negative - отрицательный

ᠲᠡᠭᠰᠢᠳᠬᠡᠯ - equation - уравнение

ᠡᠷᠭᠢᠯᠲᠡ - rotation - поворот

ᠬᠡᠮ - degree - градус


ᠡᠬᠢ ᠰᠤᠷᠪᠤᠯᠵᠢ[засварлах | кодоор засварлах]

  1. 1.0 1.1 https://www.livescience.com/42748-imaginary-numbers.html Live Science. Elaine J. Hom. What Are Imaginary Numbers? 2014/01/22.
  2. https://www.electricaltechnology.org/2013/07/active-reactive-apparent-and-complex.html Electrical Technology. Active, Reactive, Apparent and Complex Power. ᠬᠠᠨᠳᠤᠭᠰᠠᠨ 2021/07/31