Jump to content

ᠮᠣᠩᠭᠤᠯ ᠪᠷᠠᠾᠮᠢ ᠪᠢᠴᠢᠭ

Wikibilig-с

ᠮᠣᠩᠭᠤᠯ ᠪᠷᠠᠾᠮᠢ ᠪᠢᠴᠢᠭ ᠨᠢ ᠡᠪᠦᠭᠡ ᠮᠣᠩᠭᠤᠯ ᠬᠡᠯᠡ᠂ ᠢᠯᠠᠩᠭᠤᠶ᠎ᠠ ᠰᠢᠶᠠᠨᠪᠧᠢ ᠬᠡᠯᠡ᠂ VI–VII ᠵᠠᠭᠤᠨ ᠤ᠋ ᠦᠶ᠎ᠡ᠋ ᠶ᠋ᠢᠨ ᠿᠤᠿᠠᠨ ᠬᠡᠯᠡ ᠪᠡᠷ ᠪᠢᠴᠢᠬᠦ ᠳ᠋ᠦ ᠬᠡᠷᠡᠭᠯᠡᠭᠳᠡᠵᠦ ᠪᠠᠶᠢᠭᠰᠠᠨ ᠶᠤᠮ᠃ ᠡᠨᠡ ᠪᠢᠴᠢᠭ ᠦ᠋ᠨ ᠰᠢᠰᠲ᠋ᠧᠮ ᠨᠢ ᠿᠤᠿᠠᠨ ᠤ᠋ ᠬᠠᠭᠠᠨᠲᠤ ᠤᠯᠤᠰ ᠲᠤ᠌᠂ ᠮᠥᠨ ᠰᠢᠶᠠᠨᠪᠧᠢ ᠡᠴᠡ ᠰᠠᠯᠪᠤᠷᠢᠯᠠᠭᠰᠠᠨ ᠠᠶ᠋ᠢᠮᠠᠭ ᠤᠭᠰᠠᠭᠠᠲᠠᠨ ᠨᠤᠭᠤᠳ ᠤ᠋ᠨ ᠨᠣᠶᠠᠷᠬᠠᠭᠰᠠᠨ ᠪᠤᠰᠤᠳ ᠭᠦᠷᠦᠨ ᠨᠦᠭᠦᠳ ᠲᠤ᠌ ᠬᠡᠷᠡᠭᠯᠡᠭᠳᠡᠵᠦ ᠪᠠᠶ᠋ᠢᠭᠰᠠᠨ ᠭᠡᠵᠦ ᠦᠵᠡᠳᠡᠭ᠃ ᠲᠡᠭᠦᠨᠴᠢᠯᠡᠨ ᠡᠷᠲᠡᠨ ᠦ᠌ ᠲᠦᠷᠦᠭ ᠬᠡᠯᠡ ᠪᠣᠯᠤᠨ ᠰᠣᠭᠳᠠ ᠬᠡᠯᠡᠨ ᠦ᠌ ᠵᠡᠷᠭᠡᠴᠡᠭᠡ ᠿᠤᠿᠠᠨ ᠬᠡᠯᠡ ᠨᠢ ᠲᠦᠷᠦᠭ ᠦ᠋ᠨ ᠲᠦᠷᠦᠭᠦᠦ ᠦᠶ᠎ᠡ᠋ ᠶ᠋ᠢᠨ ᠬᠠᠭᠠᠨᠲᠤ ᠤᠯᠤᠰ ᠤ᠋ᠨ ᠠᠯᠪᠠᠨ ᠶᠣᠰᠤᠨ ᠤ᠋ ᠬᠡᠯᠡ ᠨᠦᠭᠦᠳ ᠦ᠋ᠨ ᠨᠢᠭᠡ ᠪᠠᠶ᠋ᠢᠭᠰᠠᠨ ᠲᠤᠯᠠ ᠮᠣᠩᠭᠤᠯ ᠪᠷᠠᠾᠮᠢ ᠪᠢᠴᠢᠭ ᠢ᠋ ᠬᠡᠷᠡᠭᠯᠡᠵᠦ ᠪᠠᠶ᠋ᠢᠵᠤᠬᠤᠶ᠃ ᠡᠨᠡ ᠨᠢ ᠪᠤᠭᠤᠲᠤ ᠪᠣᠯᠤᠨ ᠬᠦᠢᠰ ᠲᠣᠯᠤᠭᠠᠢ ᠶ᠋ᠢᠨ ᠪᠢᠴᠢᠭᠡᠰᠦ ᠪᠡᠷ ᠨᠤᠲᠠᠯᠠᠭᠳᠠᠳᠠᠭ᠃