ᠻᠦᠢᠳᠢᠴᠢ (Quidditch)

Wikibilig-с


align: top
ᠪᠡᠯᠭᠡ


Quidditch ᠪᠣᠯ ᠪᠠᠭ ᠶ᠋᠋ᠢᠠᠷ ᠲᠣᠭᠯᠠᠳᠠᠭ ᠰᠫᠣᠷᠲ ᠲᠣᠭᠯᠠᠭᠠᠮ ᠶᠤᠮ᠃ ᠵᠣᠬᠢᠶᠠᠯᠴᠢ ᠬᠠᠲᠤᠭᠲᠠᠢ J. K. Rowling ‍ᠤᠨ ᠪᠢᠴᠢᠭᠰᠡᠨ ᠤᠷᠠᠨ ᠰᠡᠳᠬᠢᠮᠵᠢᠲᠦ ᠲᠤᠭᠤᠵᠢ᠂ ᠮᠥᠨ ᠰᠡᠳᠦᠪ ᠶ᠋᠋ᠢᠡᠷ ᠪᠦᠲᠦᠭᠡᠭᠰᠡᠨ ᠴᠤᠪᠤᠷᠠᠯ ᠰᠡᠭᠦᠳᠡᠷ ᠵᠦᠵᠦᠭᠡ ᠳᠦ ᠭᠠᠷᠳᠠᠭ ᠰᠢᠳᠢᠲᠦ ᠰᠫᠣᠷᠲ ᠲᠣᠭᠯᠠᠭᠠᠮ ᠠᠭᠠᠳ ᠨᠢᠰᠳᠡᠭ ᠰᠢᠭᠦᠷ ᠤᠨᠤᠵᠤ ᠲᠣᠭᠯᠠᠳᠠᠭ᠃[1]᠎᠎



ᠲᠣᠭᠯᠠᠭᠠᠮ ᠤᠨ ᠵᠣᠷᠢᠯᠭ᠎ᠠ[засварлах | кодоор засварлах]

Quidditch ᠲᠣᠭᠯᠠᠭᠠᠮ ᠤᠨ ᠵᠣᠷᠢᠯᠭ᠎ᠠ ᠪᠣᠯ ᠥᠷᠢᠰᠦᠯᠳᠦᠭᠴᠢ ᠪᠠᠭ ᠠᠴᠠ ᠪᠠᠨ ᠢᠯᠡᠭᠦᠦ ᠣᠨᠣᠭ᠎ᠠ ᠠᠪᠬᠤ᠃[2]

ᠪᠠᠭ ᠤᠳ ᠣᠨᠣᠭ᠎ᠠ ᠠᠪᠬᠤ ᠶᠢᠨ ᠲᠤᠯᠠᠳᠠ Quaffle ᠬᠡᠮᠡᠬᠦ ᠰᠢᠷᠢᠨ ᠪᠥᠮᠪᠥᠭᠡ ᠶ᠋᠋ᠢ ᠥᠷᠢᠰᠦᠯᠳᠦᠭᠴᠢ ᠪᠠᠭ ᠤᠨ ᠴᠠᠭᠠᠷᠢᠭ ᠲᠤ ᠤᠷᠤᠭᠤᠯᠬᠤ ᠠᠭᠠᠳ ᠡᠨᠡ ᠨᠢ ᠨᠢᠭᠡ ᠣᠷᠣᠭᠤᠯᠬᠤ ᠳᠤ 10 ᠣᠨᠣᠭ᠎ᠠ ᠪᠠᠶ᠋᠋ᠢᠨ᠎ᠠ᠃ ᠮᠥᠨ ᠠᠯᠲᠠᠨ ᠱᠤᠩᠭᠤᠭᠤᠷ ᠢ (Golden Snitch) ᠪᠠᠷᠢᠵᠤ ᠴᠢᠳᠠᠪᠠᠯ 150 ᠣᠨᠣᠭ᠎ᠠ ᠠᠪᠳᠠᠭ᠃

ᠲᠠᠯᠠᠪᠤᠷ[засварлах | кодоор засварлах]


align: top
ᠻᠦᠢᠳᠢᠴᠢ ᠶ᠋᠋ᠢᠨ ᠲᠠᠯᠠᠪᠤᠷ


Quidditch ‍ᠦᠨ ᠲᠠᠯᠠᠪᠠᠢ ᠨᠢ ᠥᠨᠳᠥᠷ ᠬᠡᠷᠡᠮ ᠶ᠋᠋ᠢᠡᠷ ᠬᠦᠷᠢᠶᠡᠯᠡᠭᠰᠡᠨ ᠲᠣᠮᠣᠬᠠᠨ ᠵᠤᠤᠪᠠᠩ ᠬᠡᠯᠪᠡᠷᠢ ᠶᠢᠨ ᠲᠠᠯᠠᠪᠠᠢ ᠪᠠᠶ᠋᠋ᠢᠨ᠎ᠠ᠃ ᠲᠣᠭᠯᠠᠭᠴᠢᠳ ᠡᠨᠡᠬᠦ ᠲᠠᠯᠠᠪᠠᠢ ᠶᠢᠨ ᠬᠦᠷᠢᠶᠡᠨ ᠡᠴᠡ ᠬᠠᠯᠢᠬᠤ ᠦᠭᠡᠢ ᠲᠣᠭᠯᠠᠬᠤ ᠶᠣᠰᠣᠲᠠᠢ᠃ ᠬᠠᠷᠢᠨ ᠬᠡᠳᠦᠢ ᠥᠨᠳᠥᠷ ᠲᠦ ᠨᠢᠰᠴᠦ ᠲᠣᠭᠯᠠᠬᠤ ᠨᠢ ᠬᠢᠵᠠᠭᠠᠷ ᠦᠭᠡᠢ᠃ ᠲᠣᠭᠯᠠᠯᠲᠠ ᠳᠤ ᠲᠠᠻᠲ᠋ᠢᠻ᠂ ᠠᠷᠭ᠎ᠠ ᠮᠡᠬᠡ ᠶᠢᠨ ᠱᠠᠭᠠᠷᠳᠠᠯᠭ᠎ᠠ ᠪᠠᠷ ᠨᠡᠩ ᠥᠨᠳᠥᠷ ᠲᠦ ᠬᠥᠷᠴᠦ᠂ ᠡᠭᠦᠯᠡᠨ ᠳᠤᠮᠳᠠ ᠣᠷᠣᠵᠤ ᠳᠡᠭᠦᠯᠡᠬᠦ ᠶᠢ ᠴᠤ ᠵᠥᠪᠰᠢᠶᠡᠷᠡᠳᠡᠭ᠃

ᠲᠠᠯᠠᠪᠠᠢ ᠶ᠋᠋ᠢᠨ ᠬᠣᠶᠠᠷ ᠡᠰᠡᠷᠭᠦ ᠲᠠᠯ᠎ᠠ ᠳᠤ ᠥᠨᠳᠥᠷ ᠱᠣᠩ ᠳᠤ ᠪᠡᠬᠢᠯᠡᠭᠰᠡᠨ ᠪᠣᠰᠤᠭ᠎ᠠ ᠪᠠᠶ᠋᠋ᠢᠷᠢᠯᠠᠯ ᠲᠠᠢ ᠭᠤᠷᠪᠠ ᠭᠤᠷᠪᠠᠨ ᠴᠠᠭᠠᠷᠢᠭ ᠪᠠᠶ᠋᠋ᠢᠨ᠎ᠠ᠃[3]

ᠬᠡᠷᠡᠮ ᠦᠨ ᠬᠢᠷ᠎ᠠ᠂ ᠳᠣᠲᠣᠷ᠎ᠠ ᠬᠡᠰᠡᠭ ᠲᠦ ᠥᠷᠢᠵᠦ ᠵᠠᠰᠠᠭᠰᠠᠨ ᠰᠠᠭᠤᠳᠠᠯ᠂ ᠠᠰᠠᠷ ᠲᠡᠷᠢᠭᠦᠲᠡᠨ ᠳᠦ ᠦᠵᠡᠭᠴᠢ᠂ ᠬᠥᠭᠵᠢᠶᠡᠨ ᠳᠡᠮᠵᠢᠭᠴᠢᠳ ᠰᠠᠭᠤᠵᠤ ᠲᠣᠭᠯᠠᠯᠲᠠ ᠶᠢ ᠰᠡᠳᠬᠢᠯ ᠳᠣᠭᠳᠣᠯᠤᠨ ᠦᠵᠡᠵᠦ ᠰᠣᠨᠢᠷᠬᠠᠨ᠎ᠠ᠃

ᠬᠡᠷᠡᠭᠰᠡᠯ[засварлах | кодоор засварлах]


align: top
ᠻᠦᠢᠳᠢᠴᠢ ᠶ᠋᠋ᠢᠨ ᠪᠠᠭᠴᠠ᠄ ᠰᠢᠷᠢᠨ ᠪᠥᠮᠪᠦᠭᠡ᠂ ᠬᠣᠶᠠᠷ ᠳᠡᠯᠡᠳᠦᠭᠦᠷ᠂ ᠬᠠᠶ᠋᠋ᠢᠷᠴᠠᠭ ᠤᠨ ᠲᠠᠭ ᠲᠤ ᠱᠤᠩᠭᠤᠭᠤᠷ  ᠤᠨ ᠡᠭᠦᠷ ᠬᠠᠷᠠᠭᠳᠠᠵᠤ ᠪᠠᠶ᠋᠋ᠢᠨ᠎ᠠ


• Quaffle (ᠰᠢᠷᠢᠨ ᠪᠥᠮᠪᠥᠭᠡ)

• Bludgers (ᠳᠡᠯᠡᠳᠦᠭᠦᠷ)

• Snitch (ᠱᠤᠩᠭᠤᠭᠤᠷ)

• ᠨᠢᠰᠳᠡᠭ ᠰᠢᠭᠦᠷ

• ᠴᠣᠬᠢᠭᠤᠷ[4]

ᠨᠢᠰᠳᠡᠭ ᠰᠢᠭᠦᠷ ᠨᠢ ᠰᠢᠳᠢᠲᠡᠨ ᠬᠢᠭᠡᠳ ᠰᠢᠮᠨᠤᠳ ᠤᠨ ᠨᠢᠭᠡᠨ ᠲᠥᠷᠥᠯ ᠦᠨ ᠲᠡᠭᠡᠭᠡᠪᠦᠷᠢ ᠶᠢᠨ ᠬᠡᠷᠡᠭᠰᠡᠯ᠃ Quidditch ᠲᠡᠮᠡᠴᠡᠭᠡᠨ ᠳᠦ ᠰᠢᠭᠦᠷ ᠤᠨᠤᠵᠤ ᠲᠣᠭᠯᠠᠳᠠᠭ ᠲᠤᠯᠠ ᠨᠡᠩ ᠠᠶᠤᠯ ᠲᠠᠢ ᠪᠣᠯᠪᠠᠴᠤ ᠣᠯᠠᠨ ᠶ᠋᠋ᠢᠠᠷ ᠶ᠋᠋ᠢᠠᠨ ᠮᠠᠰᠢᠳᠠ ᠰᠣᠨᠢᠷᠬᠠᠳᠠᠭ᠂ ᠨᠡᠶ᠋᠋ᠢᠲᠡ ᠪᠡᠷ ᠶ᠋᠋ᠢᠡᠨ ᠳᠤᠷ᠎ᠠ ᠰᠣᠨᠢᠷᠬᠠᠯ ᠲᠠᠢ ᠰᠫᠣᠷᠲ ᠤᠨ ᠲᠥᠷᠥᠯ ᠶᠤᠮ᠃ ᠰᠫᠣᠷᠲ ᠤᠨ ᠨᠢᠰᠳᠡᠭ ᠰᠢᠭᠦᠷ ᠨᠢ ᠣᠯᠠᠨ ᠮᠠᠷᠻ᠂ ᠵᠠᠭᠪᠤᠷ ᠶ᠋᠋ᠢᠠᠷ ᠪᠦᠲᠦᠭᠡᠭᠳᠡᠳᠡᠭ ᠡᠴᠡ ᠬᠠᠮᠤᠭ ᠤᠨ ᠠᠯᠳᠠᠷᠲᠠᠢ᠂ ᠬᠤᠷᠳᠤ᠂ ᠬᠦᠴᠦ ᠪᠡᠷ ᠰᠢᠯᠭᠠᠷᠠᠭᠰᠠᠨ ᠨᠢ Nimbus 2000᠂ Nimbus 2001᠂ Firebolt ᠶᠤᠮ᠃ ᠡᠨᠡ ᠭᠤᠷᠪᠠ ᠠᠴᠠ Firebolt ᠨᠢ ᠬᠠᠮᠤᠭ ᠤᠨ ᠬᠤᠷᠳᠤ ᠲᠠᠢ ᠠᠭᠠᠳ ᠣᠳᠣ ᠪᠠᠷ ᠵᠠᠬ᠎ᠠ ᠵᠡᠭᠡᠯᠢ ᠳᠦ ᠭᠠᠷᠤᠭᠠᠳ ᠪᠠᠶ᠋᠋ᠢᠭ᠎ᠠ ᠤᠷᠤᠯᠳᠤᠭᠠᠨ ᠤ ᠰᠢᠭᠦᠷ ᠨᠤᠭᠦᠳ ᠳᠣᠲᠣᠷ᠎ᠠ ᠬᠠᠮᠤᠭ ᠤᠨ ᠬᠤᠷᠳᠤᠨ᠂ ᠬᠠᠮᠤᠭ ᠤᠨ ᠦᠨᠡᠲᠡᠢ ᠨᠢ ᠪᠢᠯᠡ᠃[5]

ᠰᠢᠷᠢᠨ ᠪᠥᠮᠪᠥᠭᠡ ‍ᠶ᠋᠋ᠢᠡᠷ (Quaffle) ᠳᠣᠪᠲᠣᠯᠤᠭᠴᠢ᠂ ᠬᠠᠮᠠᠭᠠᠯᠠᠭᠴᠢ ᠨᠠᠷ ᠲᠣᠭᠯᠠᠨ᠎ᠠ᠃ ᠡᠨᠡ ᠪᠥᠮᠪᠥᠭᠡ ᠶᠢ ᠳᠣᠪᠲᠣᠯᠤᠭᠴᠢ ᠨᠢ ᠡᠰᠡᠷᠭᠦ ᠲᠠᠯ᠎ᠠ ᠶᠢᠨ ᠴᠠᠭᠠᠷᠢᠭ ᠲᠤ ᠣᠷᠣᠭᠤᠯᠬᠤ ᠪᠠᠷ ᠲᠣᠭᠯᠠᠵᠤ᠂ ᠬᠠᠮᠠᠭᠠᠯᠠᠭᠴᠢ ᠨᠢ ᠪᠠᠭ ᠤᠨ ᠶ᠋᠋ᠢᠠᠨ ᠴᠠᠭᠠᠷᠢᠭ ᠢ ᠬᠠᠮᠠᠭᠠᠯᠠᠨ᠎ᠠ᠃

ᠳᠡᠯᠡᠳᠦᠭᠦᠷ (Bludgers) ᠨᠢ ᠰᠢᠪᠰᠢᠯᠭᠡ ᠪᠡᠷ ᠬᠥᠭᠡᠷᠴᠦ ᠲᠣᠭᠯᠠᠭᠠᠮ ᠳᠤ ᠤᠷᠤᠬᠤ ᠪᠠ ᠲᠣᠭᠯᠠᠯᠲᠠ ᠶᠢᠨ ᠳᠤᠮᠳᠠᠭᠤᠷ ᠮᠠᠰᠢ ᠬᠤᠷᠳᠤᠨ ᠪᠥᠭᠡᠳ ᠲᠤᠩ ᠳᠣᠭᠰᠢᠨ ᠰᠢᠷᠦᠭᠦᠨ ᠱᠤᠩᠭᠤᠨ ᠳᠡᠭᠦᠯᠡᠵᠦ᠂ ᠲᠣᠭᠯᠠᠭᠴᠢᠳ ᠢ ᠳᠡᠯᠡᠰᠦᠨ ᠤᠨᠠᠭᠠᠵᠤ ᠲᠣᠭᠯᠠᠯᠲᠠ ᠠᠴᠠ ᠭᠠᠷᠭᠠᠬᠤ ᠵᠣᠷᠢᠭᠤᠯᠤᠯᠲᠠ ᠲᠠᠢ᠃ ᠴᠣᠬᠢᠭᠴᠢ ᠳᠤ ᠲᠡᠭᠦᠨ ᠢ ᠴᠣᠬᠢᠭᠤᠷ ᠶ᠋᠋ᠢᠠᠷ ᠶ᠋᠋ᠢᠠᠨ ᠴᠣᠬᠢᠵᠤ ᠪᠠᠭ ᠤᠨ ᠭᠡᠰᠢᠭᠦᠳ ᠢ ᠪᠡᠨ ᠬᠠᠮᠠᠭᠠᠯᠠᠨ᠎ᠠ᠃ ᠲᠣᠭᠯᠠᠯᠲᠠ ᠳᠤ ᠬᠣᠶᠠᠷ ᠳᠡᠯᠡᠳᠦᠭᠦᠷ ᠣᠷᠣᠨ᠎ᠠ᠃

ᠱᠤᠩᠭᠤᠭᠤᠷ (Snitch) ᠨᠢ ᠬᠣᠶᠠᠷ ᠳᠠᠯᠠᠪᠴᠢ ᠲᠠᠢ᠂ ᠬᠤᠰᠢᠭ᠎ᠠ ᠶᠢᠨ ᠴᠢᠨᠡᠭᠡ ᠬᠡᠮᠵᠢᠶ᠎ᠡ ᠲᠡᠢ ᠵᠢᠵᠢᠭ ᠠᠯᠲᠠᠨ ᠪᠥᠮᠪᠥᠭᠡ ᠶᠤᠮ᠃ ᠲᠣᠭᠯᠠᠯᠲᠠ ᠶᠢᠨ ᠲᠠᠯᠠᠪᠠᠢ ᠳᠡᠭᠡᠭᠦᠷ ᠰᠢᠪᠰᠢᠯᠭᠡ ᠪᠡᠷ ᠬᠥᠷᠴᠢ᠂ ᠨᠢᠰᠴᠦ᠂ ᠱᠤᠩᠭᠤᠬᠤ ᠪᠠ ᠬᠡᠨ ᠳᠦ ᠴᠤ ᠪᠠᠷᠢᠭᠳᠠᠬᠤ ᠦᠭᠡᠢ ᠵᠢᠭᠤᠳᠠᠬᠤ ᠪᠣᠯᠪᠠᠴᠤ ᠲᠣᠭᠯᠠᠯᠲᠠ ᠶᠢᠨ ᠣᠷᠣᠨ ᠵᠠᠢ ᠬᠢᠵᠠᠭᠠᠷ ᠠᠴᠠ ᠭᠠᠷᠬᠤ ᠦᠭᠡᠢ᠃

ᠴᠣᠬᠢᠭᠤᠷ ᠨᠢ ᠪᠣᠭᠣᠨᠢᠬᠠᠨ ᠮᠣᠳᠣᠨ ᠴᠣᠬᠢᠭᠤᠷ ᠪᠠᠶ᠋᠋ᠢᠨ᠎ᠠ᠃

ᠴᠠᠭᠠᠷᠢᠭ: ᠲᠠᠯᠠᠪᠠᠢ ᠶᠢᠨ ᠬᠣᠶᠠᠷ ᠡᠰᠡᠷᠭᠦ ᠲᠠᠯ᠎ᠠ ᠳᠤ ᠥᠨᠳᠥᠷ ᠱᠣᠩ ᠳᠤ ᠪᠡᠬᠢᠯᠡᠭᠰᠡᠨ ᠪᠣᠰᠤᠭ᠎ᠠ ᠪᠠᠶ᠋᠋ᠢᠷᠢᠯᠠᠯ ᠲᠠᠢ ᠭᠤᠷᠪᠠ ᠭᠤᠷᠪᠠᠨ ᠴᠠᠭᠠᠷᠢᠭ ᠪᠠᠶ᠋᠋ᠢᠨ᠎ᠠ᠃ ᠳᠤᠮᠳᠠ ᠲᠠᠯ᠎ᠠ ᠶᠢᠨ ᠴᠠᠭᠠᠷᠢᠭ ᠨᠢ ᠬᠠᠮᠤᠭ ᠤᠨ ᠥᠨᠳᠥᠷ ᠱᠣᠩ ᠳᠤ᠂ ᠪᠠᠷᠠᠭᠤᠨ ᠲᠠᠯ᠎ᠠ ᠶᠢᠨ ᠴᠠᠭᠠᠷᠭ ᠬᠠᠮᠤᠭ ᠤᠨ ᠨᠠᠮ ᠱᠣᠩ ᠳᠤ ᠪᠠᠶ᠋᠋ᠢᠨ᠎ᠠ᠃ ᠭᠡᠬᠦ ᠳᠦ ᠪᠡᠨ ᠵᠥᠪᠬᠡᠨ ᠨᠢᠰᠳᠡᠭ ᠰᠢᠭᠦᠷ ᠶ᠋᠋ᠢᠡᠷ ᠬᠦᠷᠬᠦ ᠥᠨᠳᠥᠷ ᠲᠦ ᠪᠠᠶ᠋᠋ᠢᠨ᠎ᠠ᠃

ᠪᠠᠭ ᠤᠨ ᠪᠦᠷᠢᠯᠳᠦᠬᠦᠨ[засварлах | кодоор засварлах]

Quidditch ᠲᠣᠭᠯᠠᠭᠠᠮ ᠤᠨ ᠪᠠᠭ ᠲᠤᠰ ᠪᠦᠷᠢ ᠳᠣᠯᠤᠭᠠᠨ ᠭᠡᠰᠢᠭᠦᠨ ᠲᠡᠢ ᠪᠠᠶ᠋᠋ᠢᠨ᠎ᠠ᠃

ᠪᠠᠭ ᠨᠢ ᠨᠢᠭᠡ ᠠᠩᠭᠤᠴᠢ (Seeker)᠂ ᠨᠢᠭᠡ ᠬᠠᠮᠠᠭᠠᠯᠠᠭᠴᠢ (Keeper)᠂ ᠬᠣᠶᠠᠷ ᠴᠣᠬᠢᠭᠴᠢ (Beater)᠂ ᠭᠤᠷᠪᠠᠨ ᠳᠣᠪᠲᠣᠯᠤᠭᠴᠢ (Chaser) ᠡᠴᠡ ᠪᠥᠷᠢᠳᠦᠨ᠎ᠡ᠃ ᠡᠳᠡᠭᠡᠷ ᠨᠢ ᠲᠤᠰ ᠲᠤᠰ ᠤᠨ ᠡᠭᠦᠷᠭᠡ ᠲᠡᠢ᠃[6]

ᠳᠣᠪᠲᠣᠯᠤᠭᠴᠢᠳ ᠨᠢ ᠰᠢᠷᠢᠨ ᠪᠥᠮᠪᠥᠭᠡ ᠶᠢ ᠪᠠᠷᠢᠵᠤ ᠠᠪᠴᠤ᠂ ᠠᠯᠠᠳᠠᠯ ᠦᠭᠡᠢ ᠠᠪᠴᠤ ᠶᠠᠪᠤᠵᠤ᠂ ᠥᠷᠢᠰᠦᠯᠳᠦᠭᠴᠢ ᠪᠠᠭ ᠤᠨ ᠭᠤᠷᠪᠠᠨ ᠴᠠᠭᠠᠷᠢᠭ ᠤᠨ ᠠᠯᠢ ᠨᠢᠭᠡᠨ ᠳᠦ ᠣᠷᠣᠭᠤᠯᠤᠨ ᠪᠠᠭ ᠲᠤ ᠪᠠᠨ ᠣᠨᠣᠭ᠎ᠠ ᠠᠪᠬᠤ ᠡᠭᠦᠷᠭᠡ ᠲᠡᠢ᠃ ᠳᠣᠪᠲᠣᠯᠤᠭᠴᠢᠳ ᠪᠡᠶ᠎ᠡ ᠪᠡᠶ᠎ᠡ  ᠳᠦ ᠪᠡᠨ ᠪᠥᠮᠪᠥᠭᠡ ᠳᠠᠮᠵᠢᠭᠤᠯᠵᠤ ᠪᠣᠯᠬᠤ ᠴᠤ ᠣᠨᠣᠭᠣᠨ ᠤ ᠪᠥᠰᠡ ᠳᠦ ᠬᠣᠶᠠᠷ ᠶ᠋᠋ᠢᠠᠷ ᠶ᠋᠋ᠢᠠᠨ᠂ ᠡᠰᠡᠪᠡᠯ ᠭᠤᠷᠪᠠᠭᠤᠯᠠ ᠪᠠᠨ ᠨᠢᠭᠡᠨ ᠵᠡᠷᠭᠡ ᠨᠡᠪᠲᠡᠷᠡᠵᠦ ᠪᠣᠯᠬᠤ ᠦᠭᠡᠢ᠃

ᠬᠣᠶᠠᠷ ᠴᠣᠬᠢᠭᠴᠢ ᠨᠢ ᠪᠠᠭ ᠤᠨ ᠭᠡᠰᠢᠭᠦᠳ ᠢ ᠪᠡᠨ ᠲᠤᠩ ᠰᠢᠷᠦᠭᠦᠨ ᠱᠤᠩᠭᠤᠨ ᠢᠷᠡᠵᠦ ᠳᠡᠯᠡᠰᠴᠦ ᠤᠨᠠᠭᠠᠬᠤ ᠬᠥᠳᠡᠯᠭᠡᠭᠡᠨᠲᠡᠢ ᠳᠡᠯᠡᠳᠦᠭᠦᠷ ᠪᠤᠶᠤ Bludger ᠬᠡᠮᠡᠬᠦ ᠬᠠᠷ᠎ᠠ ᠲᠡᠮᠦᠷ ᠪᠥᠮᠪᠥᠯᠭᠡ ᠡᠴᠡ ᠬᠠᠮᠠᠭᠠᠯᠠᠨ᠎ᠠ᠃ ᠲᠡᠳᠡ ᠪᠣᠭᠣᠨᠢ ᠴᠣᠬᠢᠭᠤᠷ ᠲᠠᠢ᠂ ᠲᠡᠭᠦᠪᠡᠷ ᠶ᠋᠋ᠢᠡᠨ ᠳᠡᠯᠡᠳᠦᠭᠦᠷ ᠢ ᠪᠠᠭ ᠤᠨ ᠭᠡᠰᠢᠭᠦᠳ ᠡᠴᠡ ᠪᠡᠨ ᠬᠣᠯᠠᠳᠠᠭᠤᠯᠤᠨ ᠴᠤᠬᠢᠬᠤ ᠪᠠ ᠡᠰᠡᠷᠭᠦ ᠪᠠᠭ ᠤᠨ ᠭᠡᠰᠢᠭᠦᠳ ᠦᠨ ᠵᠦᠭ ᠴᠣᠬᠢᠵᠤ ᠢᠯᠡᠭᠡᠨ᠎ᠡ᠃

ᠬᠠᠮᠠᠭᠠᠯᠠᠭᠴᠢ ᠨᠢ ᠥᠷᠢᠰᠦᠯᠳᠦᠭᠴᠢ ᠪᠠᠭ ᠤᠨ ᠲᠠᠮᠢᠷᠴᠢᠳ ᠤᠨ ᠣᠷᠣᠭᠤᠯᠬᠤ ᠪᠠᠷ ᠰᠢᠳᠡᠭᠰᠡᠨ ᠪᠥᠮᠪᠥᠭᠡ ᠡᠴᠡ ᠥᠪᠡᠷ ᠦᠨ ᠪᠠᠭ ᠤᠨ ᠴᠠᠭᠠᠷᠢᠭ ᠢ ᠬᠠᠮᠠᠭᠠᠯᠠᠨ᠎ᠠ᠃

ᠠᠩᠭᠤᠴᠢ ᠨᠢ ᠬᠠᠮᠤᠭ ᠤᠨ ᠴᠢᠬᠤᠯᠠ ᠬᠡᠷᠡᠭᠰᠡᠯ ᠪᠣᠯᠬᠤ ᠠᠯᠲᠠᠨ ᠱᠤᠩᠭᠤᠭᠤᠷ ᠢ ᠡᠯᠳᠡᠨ ᠭᠦᠢᠴᠡᠵᠦ᠂ ᠰᠢᠭᠦᠷᠡᠨ ᠪᠠᠷᠢᠬᠤ ᠡᠭᠦᠷᠭᠡ ᠲᠡᠢ᠃

ᠪᠠᠭ ᠤᠳ ᠤᠨ ᠪᠦᠷᠢᠯᠳᠦᠬᠦᠨ ᠨᠢ ᠡᠷᠡᠭᠲᠡᠢ ᠡᠮᠡᠭᠲᠡᠢ ᠬᠣᠯᠢᠮᠠᠭ ᠪᠠᠶ᠋᠋ᠢᠵᠤ ᠪᠣᠯᠤᠨ᠎ᠠ᠃

ᠨᠠᠰᠤᠨ ᠤ ᠳᠣᠭᠣᠳᠤ ᠬᠢᠵᠠᠭᠠᠷ ᠤᠨ ᠲᠤᠬᠠᠢ ᠳᠤ ᠠᠷᠪᠠᠨ ᠨᠢᠭᠡᠨ ᠨᠠᠰᠤᠲᠠᠢ ᠬᠡᠦᠬᠡᠳ ᠪᠠᠭ ᠤᠨ ᠪᠦᠷᠢᠯᠳᠦᠬᠦᠨ ᠳᠦ ᠣᠷᠣᠵᠤ ᠲᠣᠭᠯᠠᠵᠤ ᠪᠣᠯᠤᠨ᠎ᠠ᠃ ᠪᠠᠭ ᠤᠳ ᠤᠨ ᠪᠦᠷᠢᠯᠳᠦᠬᠦᠨ ᠳᠦ 11 ᠪᠣᠯᠤᠨ ᠲᠡᠭᠦᠨ ᠡᠴᠡ ᠳᠡᠭᠡᠭᠰᠢ ᠶᠠᠮᠪᠠᠷ ᠴᠤ ᠨᠠᠰᠤᠨ ᠤ ᠲᠠᠮᠢᠷᠴᠢᠳ ᠬᠣᠯᠢᠯᠳᠤᠨ ᠣᠷᠣᠵᠤ ᠪᠣᠯᠳᠠᠭ᠃

ᠲᠡᠮᠡᠴᠡᠭᠡᠨ ᠳᠦ ᠬᠣᠵᠢᠬᠤ[засварлах | кодоор засварлах]


align: top
ᠠᠯᠲᠠᠨ ᠱᠤᠩᠭᠤᠭᠤᠷ


Quidditch ᠲᠣᠭᠯᠠᠭᠠᠮ ᠳᠤ ᠠᠯᠲᠠᠨ ᠱᠤᠩᠭᠤᠭᠤᠷ ᠢ ᠲᠦᠷᠦᠭᠦᠯᠡᠵᠦ ᠰᠢᠭᠦᠷᠡᠭᠰᠡᠨ ᠪᠠᠭ ᠬᠣᠵᠢᠳᠠᠭ ᠭᠡᠰᠡᠨ ᠡᠨᠳᠡᠭᠦᠦ ᠣᠶ᠋᠋ᠢᠯᠠᠭᠠᠯᠲᠠ ᠲᠦᠭᠡᠮᠡᠯ ᠪᠠᠶ᠋᠋ᠢᠳᠠᠭ᠃ ᠡᠨᠡᠬᠦ ᠰᠫᠣᠷᠲ ᠤᠨ ᠲᠥᠷᠥᠯ ᠳᠦ ᠢᠯᠡᠭᠦᠦ ᠥᠨᠳᠥᠷ ᠣᠨᠣᠭ᠎ᠠ ᠲᠠᠢ ᠪᠠᠭ ᠬᠣᠵᠢᠳᠠᠭ᠃ [7]

ᠳᠣᠪᠲᠣᠯᠤᠭᠴᠢ ᠡᠰᠡᠷᠭᠦ ᠪᠠᠭ ᠤᠨ ᠴᠠᠭᠠᠷᠢᠭ ᠲᠤ ᠪᠥᠮᠪᠥᠭᠡ ᠣᠷᠣᠭᠤᠯᠤᠭᠰᠠᠨ ᠶ᠋᠋ᠢᠠᠷ ᠪᠠᠭ ᠲᠤ ᠨᠢ 10 ᠣᠨᠣᠭ᠎ᠠ ᠨᠡᠮᠡᠭᠳᠡᠳᠡᠭ ᠪᠣᠯ ᠠᠩᠭᠤᠴᠢ ᠱᠤᠩᠭᠤᠭᠤᠷ ᠢ ᠰᠢᠭᠦᠷᠡᠭᠰᠡᠨ ᠶ᠋᠋ᠢᠡᠷ ᠪᠠᠭ ᠲᠤ ᠪᠠᠨ 150 ᠣᠨᠣᠭ᠎ᠠ ᠠᠪᠴᠢᠷᠠᠳᠠᠭ᠃ ᠲᠡᠶ᠋᠋ᠢᠮᠦ ᠡᠴᠡ ᠱᠤᠩᠭᠤᠭᠤᠷ ᠢ ᠰᠢᠭᠦᠷᠡᠭᠰᠡᠨ ᠪᠠᠭ ᠬᠣᠵᠢᠭᠴᠢ ᠪᠣᠯᠬᠤ ᠮᠠᠭᠠᠳᠯᠠᠯ ᠮᠠᠰᠢ ᠥᠨᠳᠥᠷ ᠪᠠᠶ᠋᠋ᠢᠨ᠎ᠠ᠃

Muggle Quidditch[засварлах | кодоор засварлах]


align: top
2018 ᠣᠨ ‍ᠤ Quidditch ‍ᠤᠨ ᠳᠡᠯᠡᠬᠡᠢ ᠶ᠋᠋ᠢᠨ ᠴᠣᠮᠤ ᠶ᠋᠋ᠢᠨ ᠲᠡᠮᠡᠴᠡᠭᠡᠨ ᠳᠦ ᠣᠷᠤᠯᠴᠠᠭᠰᠠᠨ ᠪᠠᠶ᠋᠋ᠢᠳᠠᠯ


ᠰᠢᠳᠢᠲᠡᠨ᠂ ᠰᠢᠮᠨᠤ ᠪᠤᠰᠤ᠂ ᠡᠭᠡᠯ ᠲᠥᠷᠥᠯᠬᠢᠲᠡᠨ ᠨᠦᠭᠦᠳ ᠨᠢᠰᠳᠡᠭ ᠰᠢᠭᠦᠷᠡᠨ ᠦ ᠣᠷᠣᠨ ᠳᠤ ᠲᠡᠭᠦᠨ ᠢ ᠲᠥᠯᠦᠭᠡᠯᠡᠭᠰᠡᠨ ᠶᠠᠮᠪᠠᠷ ᠨᠢᠭᠡ ᠰᠠᠪᠠᠭ᠎ᠠ ᠬᠥᠯ ᠦᠨ ᠶ᠋᠋ᠢᠡᠨ ᠬᠣᠭᠣᠷᠣᠨᠳᠣ ᠪᠠᠨ ᠪᠠᠷᠢᠵᠤ ᠭᠦᠶᠦᠵᠦ ᠲᠣᠭᠯᠠᠳᠠᠭ᠃ Bludger ‍ᠶ ᠬᠥᠭᠡᠷᠭᠡᠵᠦ ᠲᠣᠭᠯᠠᠯᠲᠠ ᠳ᠋ᠤ ᠤᠷᠤᠭᠤᠯᠬᠤ ᠰᠢᠪᠰᠢᠯᠭᠡ ᠶᠢ ᠮᠡᠳᠡᠬᠦ ᠦᠭᠡᠢ ᠲᠤᠯᠠ ᠴᠣᠬᠢᠭᠴᠢᠳ ᠨᠢ ᠡᠰᠡᠷᠭᠦ ᠪᠠᠭ ᠤᠨ ᠶ᠋᠋ᠢᠠᠨ ᠲᠠᠮᠢᠷᠴᠢᠳ ᠢ ᠵᠥᠭᠡᠯᠡᠨ ᠭᠠᠷ ᠪᠥᠮᠪᠥᠭᠡ ᠪᠡᠷ ᠣᠨᠣᠬᠤ ᠶᠢ ᠴᠢᠷᠮᠠᠶ᠋᠋ᠢᠬᠤ ᠪᠠ ᠣᠨᠣᠭᠳᠠᠭᠰᠠᠨ ᠲᠠᠮᠢᠷᠴᠢᠨ ᠲᠡᠮᠡᠴᠡᠭᠡᠨ ᠡᠴᠡ ᠭᠠᠷᠤᠨ᠎ᠠ᠃ ᠱᠤᠩᠭᠤᠭᠤᠷ ᠢ ᠪᠠᠭ ᠤᠳ ᠤᠨ ᠠᠯᠢ ᠨᠢᠭᠡ ᠳᠦ ᠦᠯᠦ ᠬᠠᠮᠢᠶᠠᠷᠬᠤ ᠲᠠᠮᠢᠷᠴᠢᠨ ᠣᠶ᠋᠋ᠢᠮᠣᠰᠤᠨ ᠳᠤ ᠬᠢᠵᠦ ᠠᠷᠤ ᠳᠠᠭᠠᠨ ᠰᠡᠭᠦᠯ ᠮᠡᠲᠦ ᠵᠡᠭᠦᠵᠦ᠂ ᠬᠣᠶᠠᠷ ᠲᠠᠯ᠎ᠠ ᠶᠢᠨ ᠠᠩᠭᠤᠴᠢᠳ ᠠᠴᠠ ᠵᠢᠭᠤᠳᠠᠵᠤ ᠲᠣᠭᠯᠠᠨ᠎ᠠ᠃ ᠠᠩᠭᠤᠴᠢᠳ ᠲᠡᠭᠦᠨ ᠲᠡᠢ ᠬᠥᠭᠡᠭᠡᠴᠡᠯᠳᠦᠵᠦ᠂ ᠱᠤᠩᠭᠤᠭᠤᠷ ᠢ ᠰᠢᠭᠦᠷᠡᠬᠦ ᠪᠡᠷ ᠡᠯᠳᠡᠨ᠎ᠡ᠃

ᠲᠡᠭᠦᠨᠴᠢᠯᠡᠨ ᠪᠠᠭ ᠤᠨ ᠭᠡᠰᠢᠭᠦᠳ ᠮᠣᠷᠢ ᠤᠨᠤᠵᠤ ᠲᠣᠭᠯᠠᠬᠤ᠂ ᠤᠰᠤᠨ ᠳᠤ ᠰᠡᠯᠢᠵᠦ ᠲᠣᠭᠯᠠᠬᠤ ᠲᠡᠷᠢᠭᠦᠲᠡᠨ ᠡᠯᠳᠡᠪ ᠬᠤᠪᠢᠯᠪᠤᠷᠢ ᠨᠤᠭᠤᠳ ᠵᠣᠬᠢᠶᠠᠭᠳᠠᠭᠰᠠᠨ ᠪᠠᠶ᠋᠋ᠢᠳᠠᠭ᠃[8]

Quidditch ‍ᠦᠨ ᠣᠯᠠᠨ ᠤᠯᠤᠰ ᠤᠨ ᠬᠣᠯᠪᠣᠭ᠎ᠠ 2010 ᠣᠨ ᠤ 1 ᠰᠠᠷ᠎ᠠ ᠶᠢᠨ 1 ᠲᠦ ᠪᠠᠶᠢᠭᠤᠯᠤᠭᠳᠠᠭᠰᠠᠨ ᠠᠭᠠᠳ ᠳᠡᠯᠡᠬᠡᠢ ᠶᠢᠨ ᠴᠣᠮᠣ ᠶᠢᠨ ᠲᠡᠮᠡᠴᠡᠭᠡᠨ 2010 ᠣᠨ ᠠᠴᠠ ᠡᠬᠢᠯᠡᠭᠡᠳ ᠲᠣᠭᠲᠠᠮᠠᠯ ᠵᠣᠬᠢᠶᠠᠨ ᠪᠠᠶ᠋ᠢᠭᠤᠯᠤᠭᠳᠠᠵᠤ ᠪᠠᠶ᠋ᠢᠨ᠎ᠠ᠃

ᠪᠠᠰᠠ ᠻᠠᠷᠲ ᠰᠤᠭᠤᠯᠳᠠᠭ ᠰᠢᠷᠡᠭᠡᠨ ᠦ ᠬᠥᠯᠭᠡᠲᠦ Quidditch ᠲᠣᠭᠯᠠᠭᠠᠮ᠂ ᠻᠣᠮᠫᠢᠶᠦ᠋ᠲ᠋ᠧᠷ ᠲᠣᠭᠯᠠᠭᠠᠮ ᠮᠠᠰᠢ ᠣᠯᠠᠨ ᠬᠡᠯᠪᠡᠷᠢ᠂ ᠬᠤᠪᠢᠯᠪᠤᠷᠢ ᠪᠠᠷ ᠭᠠᠷᠤᠭᠰᠠᠨ ᠪᠠᠶ᠋᠋ᠢᠳᠠᠭ᠃



ᠨᠡᠷ᠎ᠡ ᠲᠣᠮᠢᠶᠠᠯᠠᠯ[засварлах | кодоор засварлах]

ᠻᠦᠢᠳᠢᠴᠢ - Quidditch

ᠳᠣᠪᠲᠣᠯᠤᠭᠴᠢ - chaser

ᠬᠠᠮᠠᠭᠠᠯᠠᠭᠴᠢ - keeper

ᠠᠩᠭᠤᠴᠢ - seeker

ᠴᠣᠬᠢᠭᠴᠢ - beater

ᠨᠢᠰᠳᠡᠭ ᠰᠢᠭᠦᠷ - broomstick

ᠰᠢᠷᠢᠨ ᠪᠥᠮᠪᠥᠭᠡ - quaffle

ᠳᠡᠯᠡᠳᠦᠭᠦᠷ - bludgers

ᠱᠤᠩᠭᠤᠭᠤᠷ - snitch

ᠴᠣᠬᠢᠭᠤᠷ - club

ᠴᠠᠭᠠᠷᠢᠭ - hoop

ᠻᠦᠢᠳᠢᠴᠢ ᠶ᠋᠋ᠢᠨ ᠲᠠᠯᠠᠪᠤᠷ - Quidditch pitch

ᠡᠭᠡᠯ ᠦᠨ ᠻᠦᠢᠳᠢᠴᠢ - muggle Quidditch



ᠡᠬᠢ ᠰᠤᠷᠪᠤᠯᠵᠢ[засварлах | кодоор засварлах]

  1. Quidditch. https://www.oed.com/search/dictionary/?scope=Entries᠊q=Quidditch Oxford Englsih Dictionary 2017
  2. Quidditch 2022/06/28. https://sportsmatik.com/sports/quidditch/about
  3. Quidditch Pitch. https://www.wizardingworld.com/fact-file/locations/quidditch-pitch Wizarding World ᠬᠠᠨᠳᠤᠭᠰᠠᠨ 2023/09/23
  4. https://www.cornellcollege.edu/intramurals/PDFs/Quidditch%20Rules.pdf%20for%20IM.pdf 1᠂ 2 ᠳ᠋ᠤᠭᠠᠷ ᠲᠠᠯ᠎ᠠ
  5. Brady Macdonald. Let’s go on a virtual shopping spree at Universal’s new Wizarding World. https://www.latimes.com/travel/themeparks/la-trb-wizarding-world-shops-universal-studios-hollywood-20160324-story.html Los Angeles Times 2016/03/24
  6. Fandom. Quidditch Team. https://harrypotter.fandom.com/wiki/Quidditch᠎team Harry Potter Wiki 2023/09/05
  7. https://www.cornellcollege.edu/intramurals/PDFs/Quidditch%20Rules.pdf%20for%20IM.pdf 2 ᠳ᠋ᠤᠭᠠᠷ ᠲᠠᠯ ᠠ
  8. Hélène Caroff. Aquasud. L〈Aquaquidditch᠂ pas si sorcier ! https://www.letelegramme.fr/finistere/pont-l-abbe-29120/spanaquasudspan-laquaquidditch-pas-si-sorcier-2935497.php Le Télégramme 2017/05/23