Sonusugad Yekede Tonilgagci

Wikibilig-с

᠀᠋ ᠰᠣᠨᠤᠰᠤᠭᠠᠳ ᠶᠡᠬᠡᠳᠡ ᠲᠣᠨᠢᠯᠭᠠᠭᠴᠢ ᠨᠡᠷᠡᠲᠦ ᠶᠡᠬᠡ ᠬᠥᠯᠭᠡᠨ ᠰᠤᠳᠤᠷ ᠣᠷᠣᠰᠢᠪᠠᠢ ᠅


ᠨᠠᠮᠣᠸᠠ ᠪᠤᠲᠲᠾᠠᠢ ‍ᠠ᠋ ᠅

ᠨᠠᠮᠣᠸᠠ ᠳ᠋ᠾᠠᠷᠮᠠᠢ ‍ᠠ᠋ ᠅

ᠨᠠᠮᠣᠸᠠ ᠰᠠᠩᠭ᠌ᠾᠠᠢ ‍ᠠ᠋ ᠅


ᠨᠣᠮ ᠦ᠋ᠨ ᠪᠡᠶ ‍ᠡ᠋ ᠲᠦ ᠴᠠᠭᠯᠠᠰᠢ ᠦᠭᠡᠢ ᠭᠡᠷᠡᠯ ᠲᠦ ᠠᠮᠢᠳᠠᠤ ‍ᠠ᠋ ᠲᠡᠭᠦᠨ ᠵᠢᠷᠭᠠᠯᠠᠩ ᠦ᠋ᠨ ᠪᠡᠶ ‍ᠡ᠋ ᠲᠦ ᠠᠮᠤᠷᠯᠢᠩᠭᠤᠢ ᠬᠢᠯᠢᠩ ᠲᠡᠢ ᠯᠢᠨᠬᠤ ‍ᠠ᠋ ᠶ᠋ᠢᠨ ᠴᠢᠨᠠᠷ ᠲᠤ ᠪᠤᠷᠬᠠᠨ ᠬᠤᠪᠢᠯᠠᠬᠠᠨ ᠪᠡᠢ ‍ᠡ᠋ ᠲᠦ ᠪᠠᠳᠮ ‍ᠠ᠋ ᠰᠠᠮᠪᠠᠤ ‍ᠠ᠋ ᠠᠮᠢᠲᠠᠨ ‍ᠤ ᠢᠲᠡᠭᠡᠯ᠃ ᠭᠤᠷᠪᠠᠨ ᠪᠡᠶ ‍ᠡ᠋ ᠲᠡᠭᠦᠰᠦᠭᠰᠡᠨ ᠪᠯᠠᠮ ‍ᠠ᠋ ᠨᠠᠷ ‍ᠠ᠋ ᠮᠥᠷᠭᠦᠮᠦ ᠅

ᠳᠤᠮᠳᠠ ᠳᠤ ᠶᠦᠭᠡᠵᠡᠷᠢᠨ ᠦ᠋ᠨ ᠵᠠᠭᠤᠷ ‍ᠠ᠋ ᠳ᠋ᠤ ᠳ᠋ᠤᠷ ᠲᠣᠨᠢᠯᠠᠬᠤ ᠶ᠋ᠢᠨ ᠠᠷᠭ᠎ ‍ᠠ᠋ ᠶᠡᠬᠡᠳᠡ ᠰᠣᠨᠤᠰᠤᠭᠠᠳ ᠲᠣᠨᠢᠯᠭᠠᠭᠴᠢ ᠡᠭᠦᠨ ᠳ᠋ᠤᠷ ᠭᠤᠷᠪᠠᠨ ᠵᠦᠢᠯ ᠤᠳᠬ ‍ᠠ᠋ ᠪᠤᠢ᠃

ᠤᠷᠢᠳᠠ ᠶᠠᠪᠤᠭᠤᠯᠠᠬᠤᠢ

¬¬ᠢᠯᠢ ᠰᠢᠲᠦᠭᠡᠨ

ᠳᠠᠭᠠᠨ ᠣᠷᠤᠯᠳᠤᠬᠤᠢ ᠯᠤᠭ᠎ ‍ᠠ᠋ ᠭᠤᠲᠠᠭᠠᠷ ᠪᠣᠯᠤᠶᠤ᠅

ᠡᠩ ᠲᠡᠷᠢᠭᠦᠨ ᠤᠷᠢᠳᠠ ᠶᠠᠪᠤᠭᠤᠯᠬᠤᠢ ᠪᠠᠷ᠃ ᠰᠠᠢᠢᠨ ᠵᠠᠶᠠᠭ᠎ ‍ᠠ᠋ ᠲᠠᠢ ᠲᠣᠨᠢᠯᠤᠭᠵᠤᠢ ᠪᠠᠷ᠃ ᠡᠩ ᠲᠡᠷᠢᠭᠦᠨ ᠤᠳᠤᠷᠢᠭᠤᠯᠰᠤᠨ ‍ᠢ ᠵᠡᠷᠭᠡᠪᠡᠷ ᠲᠡᠭᠰᠢ ᠠᠪᠤᠭᠰᠠᠨ ᠬᠤᠷᠴᠠ ᠣᠶᠤᠨᠲᠠᠢ ᠤᠳᠤᠷᠢᠬᠤᠯᠰᠤᠨ ᠶ᠋ᠢᠠᠷ ᠮᠠᠭᠠᠳ ᠲᠣᠨᠢᠯᠤᠮᠤ᠃

ᠲᠡᠭᠦᠨ ᠳ᠋ᠤᠷ ᠡᠰᠡ ᠲᠣᠨᠢᠯᠪᠠᠰᠤ ᠦᠬᠦᠯ ᠦ᠋ᠨ ᠵᠠᠭᠤᠷ ‍ᠠ᠋ ᠳ᠋ᠤ ᠳ᠋ᠤᠷ᠃ ᠰᠦᠨᠡᠰᠦᠨ ‍ᠢ ᠰᠡᠳᠬᠢᠨ ᠥᠪᠡᠰᠦᠪᠡᠨ ᠲᠣᠨᠢᠯᠬᠤ ᠶ᠋ᠢ ᠲᠡᠭᠰᠢ ᠠᠪᠤᠭᠰᠠᠨ ᠲᠡᠭᠦᠨ ᠶ᠋ᠢᠡᠷ ᠪᠦᠬᠡᠨ ᠳᠤᠮᠳᠠ ᠳ᠋ᠤ ᠶᠦᠭᠡᠵᠡᠷᠢᠨ ᠮᠠᠭᠠᠳ ᠶ᠋ᠢᠠᠷ ᠲᠣᠨᠢᠯᠤᠮᠤ᠃

ᠲᠡᠭᠦᠪᠡᠷ ᠡᠰᠡ ᠲᠣᠨᠢᠯᠪᠠᠰᠤ ᠨᠣᠮ ᠦ᠋ᠨ ᠴᠢᠨᠠᠷᠤᠨ ᠵᠠᠭᠤᠷᠠᠰᠤ ᠳ᠋ᠤᠷ ᠶᠡᠬᠡᠳᠡ ᠰᠣᠨᠤᠰᠤᠭᠠᠳ ᠲᠣᠨᠢᠯᠭᠠᠭᠴᠢ ᠠᠭᠦᠨᠢ ᠬᠢᠴᠢᠶᠡᠨ᠃ ᠦᠢᠯᠡᠳᠳᠡᠬᠦᠢ ᠬᠡᠷᠡᠭ ᠪᠤᠶᠤ᠂

ᠲᠡᠭᠦᠨ ᠳ᠋ᠤᠷ ᠡᠩ ᠲᠡᠷᠢᠭᠦᠨ ᠳ᠋ᠤᠷ ᠵᠦᠭᠡᠵᠡᠷᠢᠨ ᠦᠬᠦᠬᠦᠢᠨ ᠪᠡᠯᠭᠡ ᠲᠣᠳᠤᠷᠬᠠᠢ ᠪᠣᠯᠬᠤ ᠶ᠋ᠢᠨ ᠴᠠᠭ ᠲᠤᠷ ᠥᠪᠡᠷ ᠶ᠋ᠢᠡᠨ ᠰᠡᠳᠬᠢᠨ ᠰᠦᠨᠡᠰᠦ ᠪᠡᠨ ᠲᠣᠨᠢᠯᠭᠠᠵᠤ ᠴᠢᠳᠠᠳᠠᠭ ᠲᠤᠯᠠ ᠡᠨᠡ ᠨᠣᠮ ‍ᠢ ᠤᠩᠰᠢᠭᠠᠳ ᠪᠠᠢᠢᠬᠤ ᠰᠢᠭᠠᠷᠳᠤᠯᠭ᠎ ‍ᠠ᠋ ᠦᠭᠡᠢ᠃ ᠬᠡᠷᠪᠡ ᠰᠦᠨᠡᠰᠦ ᠶ᠋ᠢ ᠡᠰᠡ ᠭᠠᠷᠭᠠᠵᠤ ᠴᠢᠳᠠᠪᠠᠯ ᠶᠡᠬᠡᠳᠡ ᠰᠣᠨᠤᠰᠤᠭᠠᠳ ᠲᠣᠨᠢᠯᠭᠠᠭᠴᠢ ᠡᠭᠦᠨ ‍ᠢ ᠲᠠᠯᠢᠢᠭᠠᠴᠢ ᠶ᠋ᠢᠨ ᠱᠠᠷᠢᠯ ᠦ᠋ᠨ ᠳᠡᠷᠭᠡᠳᠡ᠂ ᠱᠠᠷᠢᠯ ᠦᠭᠡᠢ ᠪᠥᠭᠡ ᠡᠴᠡ ᠨᠠᠰᠤ ᠨᠥᠭᠴᠢᠭᠰᠡᠨ ‍ᠦ ᠣᠷᠤ ᠳᠡᠪᠢᠰᠬᠡᠷ ᠪᠠ ᠨᠠᠰᠤ ᠪᠠᠷᠤᠭᠰᠠᠨ ᠭᠠᠵᠠᠷ ᠳᠡᠭᠡᠷ ‍ᠡ᠋ ᠨᠢ ᠭᠤᠷᠪᠠᠨ ᠡᠷᠳᠡᠨᠢ ᠶ᠋ᠢᠨ ᠦᠨᠡᠨ ᠬᠦᠴᠦ ᠶ᠋ᠢ ᠥᠭᠦᠯᠦᠨ ᠲᠡᠭᠦᠨ ‍ᠦ ᠰᠦᠨᠡᠰᠦ ᠶ᠋ᠢ ᠥᠪᠡᠷ ᠦ᠋ᠨ ᠶ᠋ᠢᠡᠨ ᠡᠮᠦᠨ᠎ ‍ᠡ᠋ ᠤᠷᠢᠵᠤ ᠢᠷᠡᠭᠦᠯᠦᠨ ᠰᠣᠨᠤᠰᠬᠠᠵᠤ ᠪᠠᠢᠢᠨ᠎ ‍ᠠ᠋ ᠭᠡᠵᠦ ᠰᠡᠳᠬᠢᠭᠡᠳ ᠲᠣᠳᠤᠷᠬᠠᠢ ᠳᠠᠭᠤ ᠪᠠᠷ ᠤᠩᠰᠢᠨ᠎ ‍ᠠ᠋᠃ ᠲᠡᠷᠡ ᠦᠶ ‍ᠡ᠋ ᠳ᠋ᠦᠷ ᠦᠷ ‍ᠡ᠋ ᠬᠡᠦᠬᠡᠳ᠂ ᠠᠮᠠᠷᠠᠭ ᠰᠠᠳᠤᠨ ᠳᠣᠲᠤᠨᠤ ᠨᠥᠬᠦᠳ ᠨᠢ ᠤᠬᠢᠯᠠᠨ ᠬᠠᠢᠢᠯᠠᠬᠤ᠂ ᠡᠮᠭᠡᠨᠢᠨ ᠭᠠᠰᠢᠭᠤᠳᠠᠬᠤ ᠳᠠᠭᠤ ᠭᠠᠷᠭᠠᠬᠤ ᠶ᠋ᠢ ᠬᠠᠲᠠᠭᠤ ᠬᠣᠷᠢᠭᠯᠠᠨ᠎ ‍ᠠ᠋᠃  ᠱᠠᠷᠢᠯ ᠨᠢ ᠪᠤᠢ ᠪᠥᠭᠡᠳ ᠭᠠᠳᠠᠭᠠᠳᠤ ᠠᠮᠢ ᠲᠠᠰᠤᠷᠠᠬᠤ ᠶ᠋ᠢᠨ ᠴᠠᠭ ᠲᠤᠷ ᠰᠢᠲᠦᠳᠡᠭ ᠪᠠᠢᠢᠭᠰᠠᠨ ᠪᠯᠠᠮ ‍ᠠ᠋ ᠬᠢᠭᠡᠳ ᠰᠡᠳᠬᠢᠯ ᠳ᠋ᠦᠷ ᠲᠠᠭᠠᠯᠠᠭᠳᠠᠳᠠᠭ ᠨᠥᠬᠦᠷ᠂ ᠠᠬ ‍ᠠ᠋ ᠳᠡᠭᠦᠦ ᠨᠠᠷ ᠦ᠋ᠨ ᠠᠯᠢ ᠨᠢᠭᠡ ᠪᠡᠷ ᠲᠠᠯᠢᠢᠭᠠᠴᠢ ᠶ᠋ᠢᠨ ᠴᠢᠬᠢᠨ ᠳ᠋ᠦᠷ ᠬᠣᠰᠢᠭᠤ ᠪᠠᠨ ᠣᠢᠢᠷᠠᠲᠤᠭᠤᠯᠤᠨ ᠴᠢᠩᠭ᠎ ‍ᠠ᠋ ᠳᠠᠭᠤ ᠪᠠᠷ ᠡᠨᠡ ᠨᠣᠮ ‍ᠢ ᠤᠩᠰᠢᠭᠤᠯᠲᠤᠭᠠᠢ᠃ ᠨᠣᠮ ‍ᠢ ᠤᠩᠰᠢᠬᠤ ᠳ᠋ᠤ ᠪᠠᠨ ᠪᠯᠠᠮ ‍ᠠ᠋ ᠭᠤᠷᠪᠠᠨ ᠡᠷᠳᠡᠨᠢ ᠳ᠋ᠤᠷ ᠠᠬᠤᠢ ᠶᠡᠬᠡ ᠨᠠᠢᠢᠷᠠᠭᠤᠯᠤᠭᠰᠠᠨ ᠲᠠᠬᠢᠯ ᠶᠠᠭᠤ ᠣᠯᠳᠠᠭᠰᠠᠨ ᠶ᠋ᠢᠠᠨ ᠡᠷᠭᠦᠵᠦ

ᠲᠡᠨᠳᠡᠴᠡ ᠪᠤᠷᠬᠠᠨ ᠬᠢᠭᠡᠳ ᠪᠣᠳᠢᠰᠤᠩ ᠨᠠᠷ ᠦ᠋ᠨ ᠨᠢᠭᠦᠯᠰᠡᠯ (4) ᠪᠣᠯᠤᠭᠰᠠᠨ ᠦᠨᠡᠨ ᠢᠷᠦᠭᠡᠷ ᠳᠣᠯᠤᠭᠠᠨ ᠲᠠ ᠪᠠ ᠭᠤᠷᠪᠠᠨ ᠲᠠ ᠤᠩᠰᠢᠵᠤ ᠪᠦᠷ ᠦ᠋ᠨ᠃   ᠲᠡᠨᠳᠡᠴᠡ ᠶᠡᠬᠡᠳ ᠰᠣᠨᠤᠰᠤᠭᠠᠳ ᠲᠣᠨᠺᠯᠭᠠᠭᠴᠢ ᠡᠭᠦᠨᠢ ᠳᠣᠯᠤᠭᠠᠨ ᠲᠠ ᠪᠠ ᠭᠤᠲᠠᠭᠠᠷ ᠵᠠᠪᠰᠠᠷ ᠯᠤᠭ᠎ ‍ᠠ᠋ ᠪᠠᠷᠢᠯᠳᠤᠭᠤᠯᠤᠨ ᠤᠩᠰᠢᠬᠤᠢ ᠢᠨᠦ᠃ ᠦᠬᠦᠯ ᠦ᠋ᠨ ᠵᠠᠭᠤᠷ ‍ᠠ᠋ ᠳ᠋ᠤ ᠳ᠋ᠤᠷ ᠭᠡᠭᠡᠨ ᠭᠡᠷᠡᠯ ᠦ᠋ᠨ ᠵᠠᠭᠤᠷ ‍ᠠ᠋ ᠳ᠋ᠤ ᠶ᠋ᠢᠨ ᠠᠶᠤᠯ ᠡᠴᠡ ᠢᠪᠡᠭᠡᠭᠴᠢ ᠢᠷᠦᠭᠷ ᠬᠢᠭᠡᠳ᠃ ᠵᠠᠭᠤᠷᠠᠳᠤᠢᠢᠨ ᠬᠠᠪᠴᠠᠭᠠᠢ ᠡᠴᠡ ᠭᠡᠲᠦᠯᠭᠡᠭᠴᠢ ᠢᠷᠦᠭᠡᠷ ᠪᠠ᠂ ᠵᠠᠭᠤᠷ ‍ᠠ᠋ ᠳ᠋ᠤ ᠦᠨᠳᠦᠰᠦᠨ ᠦᠭᠡᠨ ᠨᠣᠭᠦᠳ ‍ᠢ ᠡᠭᠡᠰᠢᠭ ᠰᠡᠯᠲᠡ ᠤᠷᠢᠬᠤᠶ ᠳᠤᠷ ᠲᠡᠨᠳᠡ ᠡᠴᠡ ᠰᠣᠨᠤᠰᠤᠭᠠᠳ ᠶᠡᠬᠡᠳᠡ ᠲᠣᠨᠢᠯᠭᠠᠭᠴᠢ ᠡᠭᠦᠨᠢ ᠳᠣᠯᠤᠭᠠᠨ ᠲᠠ ᠪᠠ᠃ ᠭᠤᠲᠠᠭᠠᠷ ᠵᠠᠪᠰᠠᠷ ᠤᠯᠠᠭ ‍ᠠ᠋ ᠪᠠᠷᠢᠯᠳᠤᠭᠤᠯᠤᠨ ᠤᠩᠰᠢᠬᠤ ᠢᠨᠦ᠃ ᠦᠬᠦᠯ ᠦ᠋ᠨ (4ᠠ) ᠵᠠᠭᠤᠷ ‍ᠠ᠋ ᠳ᠋ᠤ ᠭᠡᠭᠡᠨ ᠭᠡᠷᠡᠯ ᠦ᠋ᠨ ᠨᠢᠭᠤᠷ ᠲᠠᠨᠢᠭᠤᠯᠬᠤᠢ ᠬᠢᠭᠡᠳ᠃ ᠨᠣᠮ ᠦ᠋ᠨ ᠴᠢᠨᠠᠷ ᠦ᠋ᠨ ᠵᠠᠭᠤᠷ ‍ᠠ᠋ ‍ᠳᠤ ᠳ᠋ᠤᠷ ᠠᠮᠤᠷᠯᠢᠩᠭᠤᠢ ᠬᠢᠯᠢᠩ ᠲᠡᠨᠦ ᠨᠢᠭᠤᠷ ᠲᠠᠨᠢᠭᠤᠯᠤᠨ ᠦᠢᠯᠡᠳᠳᠡᠬᠦᠢ ᠪᠠ᠃ ᠰᠠᠨᠰᠠᠷ ᠦ᠋ᠨ ᠵᠠᠭᠤᠷ ‍ᠠ᠋ ᠳ᠋ᠤ ᠳ᠋ᠤᠷ ᠤᠮᠠᠢ ᠶ᠋ᠢᠨ ᠬᠠᠭᠠᠯᠭᠠᠨ ‍ᠢ ᠬᠠᠭᠠᠬᠤᠢ ᠤᠪᠠᠳᠢᠰᠢ ᠦᠵᠦᠭᠦᠯᠬᠦᠢ ᠯᠦᠭᠡ ᠭᠤᠲᠠᠭᠠᠷ ᠪᠣᠯᠠᠢ᠅ ᠡᠩ ᠲᠡᠢᠭᠦᠨ ᠦᠬᠦᠯ ᠦ᠋ᠨ ᠵᠠᠭᠤᠷ ‍ᠠ᠋ ᠳ᠋ᠤ ᠳ᠋ᠤᠷ ᠭᠡᠭᠡᠨ ᠭᠡᠷᠡᠯ ᠦ᠋ᠨ ᠨᠢᠭᠤᠷ ᠲᠠᠨᠢᠭᠤᠯᠬᠤᠢ ᠢᠨᠦ ᠡᠨᠳᠡ ᠳᠡᠭᠡᠳᠦ ᠰᠠᠢᠢᠨ ᠤᠪᠢᠳᠢᠨ ᠪᠥᠭᠡᠰᠦ ᠪᠡᠷ ᠨᠢᠭᠤᠷ ᠡᠰᠡ ᠲᠠᠨᠢᠭᠰᠠᠨ ᠬᠢᠭᠡᠳ᠃ ᠲᠠᠨᠢᠪᠠ ᠴᠤ ᠪᠡᠷ ᠪᠢᠰᠢᠯᠠᠬᠠᠨ ᠡᠰᠡ ᠰᠤᠳᠤᠯᠤᠭᠰᠠᠨ ᠪᠠ᠃ ᠥᠪᠡᠷ ‍ᠡ᠋ ᠥᠪᠡᠷ ‍ᠡ᠋ ᠠᠷᠠᠳ ᠪᠢᠰᠢᠯᠭᠠᠯ ᠦ᠋ᠨ ᠬᠥᠲᠡᠯᠪᠦᠷᠢ ᠦᠵᠡᠭᠰᠡᠨ ᠢᠵᠠᠭᠤᠷ ᠲᠠᠨ ᠪᠦᠭᠦᠳᠡ ᠳ᠋ᠤᠷ ᠡᠭᠦᠨᠢ ᠦᠢᠯᠡᠳᠦᠰᠡᠨ ᠶ᠋ᠢᠡᠷ᠃ ᠰᠢᠲᠦᠭᠡᠨ ᠭᠡᠭᠡᠨ ᠭᠡᠷᠡᠯ ᠦ᠋ᠨ ᠨᠢᠭᠤᠷ ᠲᠠᠨᠢᠡᠬᠤᠶ᠃

(5) ᠵᠠᠭᠤᠷ ‍ᠠ᠋ ᠳ᠋ᠤ ᠶ᠋ᠢᠨ ᠵᠣᠪᠠᠯᠠᠩ ᠦᠭᠡᠬᠦᠢ ‍ᠡ᠋ ᠳᠡᠭᠡᠳᠦ ᠣᠷᠤᠨ ᠮᠠᠭᠠᠳ ᠶ᠋ᠢᠠᠷ ᠲᠥᠷᠦᠯ ᠦᠭᠡᠢ ᠨᠣᠮ ᠦ᠋ᠨ ᠪᠡᠶ ‍ᠡ᠋ ᠶ᠋ᠢᠨ ᠬᠤᠲᠤᠨ ᠶ᠋ᠢ ᠣᠯᠬᠤ ᠪᠣᠯᠤᠶᠤ᠅

ᠦᠢᠯᠡᠳᠬᠦᠢᠢᠨ ᠶᠣᠰᠤᠨ ᠢᠨᠦ ᠥᠪᠡᠷ ᠦ᠋ᠨ ᠤᠳᠤᠷᠢᠭᠤᠯᠰᠤᠢᢇ ᠦᠵᠢᠭᠰᠡᠨ ᠦᠨᠳᠦᠰᠦᠨ ᠯᠠᠮ ‍ᠠ᠋ ᠪᠣᠯᠪᠠᠰᠤ ᠡᠯᠡ ᠮᠠᠰᠢ ᠳᠡᠭᠡᠳᠦ ᠪᠦᠯᠦᠭᠡ᠃ ᠲᠡᠷᠡ ᠡᠰᠡ ᠤᠴᠠᠷᠠᠪᠠᠰᠤ ᠠᠷᠢᠭᠤᠨ ᠲᠠᠨᠭᠠᠷᠢᠭᠲᠠᠨ ᠸᠴᠢᠷ ᠲᠤ ᠠᠬ ‍ᠠ᠋ ᠳᠡᠭᠦ ᠨᠠᠷ ᠪᠠ᠃ ᠲᠡᠷᠡ ᠪᠡᠷ ᠡᠰᠡ ᠤᠴᠠᠷᠠᠪᠠᠰᠤ᠃ ᠨᠢᠭᠡᠨ ᠨᠣᠮ ᠦ᠋ᠨ ᠤᠤᠳᠤᠰᠤᠨ ᠪᠣᠯᠤᠭᠰᠠᠨ ᠪᠤᠷᠬᠠᠨ ‍ᠤ ᠨᠥᠬᠦᠳ ᠪᠠ᠃ ᠲᠡᠳᠡᠭᠡᠷ ᠦ᠋ᠨ ᠠᠯᠢᠮᠠᠳ ᠪᠡᠷ ᠡᠰᠡ ᠤᠴᠠᠷᠠᠪᠠᠰᠤ ᠡᠯᠡ᠃ ᠦᠰᠦᠭ ᠶ᠋ᠢ ᠲᠣᠳᠤᠷᠬᠠᠢ ᠳᠠᠭᠤᠨ ᠶ᠋ᠢᠠᠷ ᠤᠩᠰᠢᠬᠤᠢ ᠮᠡᠳᠡᠬᠦᠢ ᠨᠡᠭᠡᠨ ᠶ᠋ᠢᠡᠷ ᠣᠯᠠᠨ ᠲᠠ ᠤᠩᠰᠢᠭᠤᠯᠲᠠᠬᠤᠢ᠃ ᠲᠡᠨᠳᠡ ᠡᠴᠡ ᠯᠠᠮ ‍ᠠ᠋ ᠶ᠋ᠢᠨ ᠨᠢᠭᠤᠷ (5a)

ᠲᠠᠨᠢᠭᠤᠯᠤᠭᠰᠠ ᠤᠳᠬ ‍ᠠ᠋ ᠶ᠋ᠢ ᠳᠤᠷᠠᠳᠵᠤ ᠳᠠᠷᠤᠢ ᠳᠡᠭᠡᠷ ‍ᠡ᠋ ᠰᠢᠲᠦᠭᠡᠨ ᠭᠡᠭᠡᠨ ᠭᠡᠷᠡᠯ ᠦ᠋ᠨ ᠨᠢᠭᠤᠷ ᠲᠠᠨᠢᠭᠠᠳ ᠲᠡᠨᠳᠡ ᠲᠣᠨᠢᠯᠠᠬᠤᠢ ᠰᠡᠰᠢᠭ ᠦᠭᠡᠢ ᠪᠤᠢ ᠦᠢᠯᠡᠳᠬᠦ᠋ᠢᠨ ᠴᠠᠭ ᠢᠨᠦ ᠭᠠᠳᠠᠭᠠᠳᠤ ᠠᠮᠢᠨ ᠢᠨᠦ ᠲᠠᠰᠤᠷᠠᠭᠠᠳ ᠰᠡᠴᠡ ᠪᠡᠯᠭᠡ ᠪᠢᠯᠢᠭ ᠦ᠋ᠨ ᠬᠡᠢ ᠠᠸᠠᠳᠤᠳᠢ ᠰᠤᠳᠠᠰᠤᠨ ᠳ᠋ᠤᠷ ᠰᠢᠨᠭᠡᠭᠰᠡᠨ ᠶ᠋ᠢᠡᠷ᠃ ᠰᠦᠨᠡᠰᠦᠨ ᠳᠣᠭᠤᠷ ᠪᠡᠶ ‍ᠡ᠋ ᠡᠴᠡ ᠬᠠᠭᠠᠴᠠᠭᠰᠠᠨ ᠦᠯᠡᠮᠵᠢ ᠭᠡᠭᠡᠨ ᠭᠡᠷᠡᠯ ᠪᠣᠯᠤᠶᠤ᠃ ᠲᠡᠨᠳᠡ ᠡᠴᠡ ᠬᠡᠢ ᠤᠷᠪᠠᠵᠤ ᠪᠦᠷᠦᠨ᠃ ᠰᠤᠳᠠᠰᠤᠨ ‍ᠤ ᠪᠠᠷᠠᠭᠤᠨ ᠵᠡᠭᠦᠨ ᠳ᠋ᠤᠷ ᠪᠤᠷᠤᠭᠤᠳᠳᠤᠭᠰᠠᠨ ᠶ᠋ᠢᠠᠷ ᠵᠠᠭᠤᠷ ‍ᠠ᠋ ᠳ᠋ᠤ ᠶ᠋ᠢᠨ ᠪᠣᠳᠠ ᠶ᠋ᠢᠨ ᠮᠥᠷ ᠲᠥᠷᠦᠬᠦ ᠶ᠋ᠢᠨ ᠲᠤᠯᠠ᠃ ᠰᠤᠳᠠᠰᠤᠨ ‍ᠤ ᠪᠠᠷᠠᠭᠤᠨ ᠵᠡᠭᠦᠨ ᠳ᠋ᠤᠷ ᠭᠦᠷᠦᠭᠡ ᠳ᠋ᠤᠷ ᠲᠡᠨᠳᠡ ᠬᠢᠴᠢᠶᠡᠨ ᠦᠢᠯᠡᠳᠲᠡᠬᠦᠢ᠃ ᠬᠣᠶᠠᠷ ᠠᠬᠤ ᠶ᠋ᠢᠨᠵᠢᠰᠦᠨ ᠢᠨᠦ ᠳᠣᠲᠤᠭᠠᠳ ᠠᠮᠢᠨ ᠬᠠᠬᠠᠨ ᠠᠬᠤ ᠶ᠋ᠢᠨ ᠵᠠᠭᠤᠷ ‍ᠠ᠋ (6)     

ᠲᠡᠨᠳᠡ ᠨᠢᠭᠡᠨ ᠢᠳᠡᠭᠡᠨ ᠢᠳᠡᠬᠦ ᠶ᠋ᠢᠨ ᠬᠣᠷᠤᠮᠬᠠᠨ ᠲᠡᠳᠦᠢ ᠠᠬᠤ ᠪᠣᠯᠤᠶᠤ᠃ ᠦᠢᠯᠡᠳᠬᠦ ᠶ᠋ᠢᠨ ᠶᠣᠰᠤᠨ ᠠᠮᠢᠨ ᠲᠠᠰᠤᠷᠠᠨ ᠵᠠᠪᠳᠤᠬᠤᠢ ᠴᠠᠭ ᠳ᠋ᠤᠷ᠃ ᠰᠦᠨᠡᠰᠦᠨ ‍ᠢ ᠭᠠᠷᠭᠠᠨ ᠴᠢᠳᠠᠪᠠᠰᠤ ᠮᠠᠰᠢ ᠰᠠᠢᠢᠨ᠃ ᠡᠰᠡ ᠭᠠᠷᠭᠠᠨ ᠴᠢᠳᠠᠪᠠᠰᠤ ᠢᠢᠨ ᠬᠡᠮᠡᠨ ᠥᠭᠦᠯᠡᠭᠡᠷᠡᠢ᠅ ᠠᠢ ᠢᠢᠮᠦ ᠨᠡᠷ ‍ᠡ᠋ ᠲᠦ ᠢᠵᠠᠭᠤᠷ ᠲᠠᠨᠤ ᠬᠥᠪᠡᠭᠦᠨ ᠴᠢ ᠡᠳᠦᠭᠡ ᠰᠠᠢᠢᠨ ᠮᠥᠷ ‍ᠢ ᠡᠷᠡᠭᠦᠢ ‍ᠡ᠋ ᠴᠠᠭ ᠢᠨᠦ ᠬᠦᠷᠪᠡᠢ ᠡᠢ᠃ ᠴᠢᠨᠦ ᠥᠪᠡᠷ ᠦ᠋ᠨ ᠠᠮᠢᠨ ᠲᠠᠰᠤᠷᠠᠬᠤᠢ ᠴᠠᠭ ᠳ᠋ᠤᠷ᠃ ᠴᠢᠮᠠᠳᠤᠷ ᠵᠠᠭᠤᠷ ‍ᠠ᠋ ᠳ᠋ᠤ ᠭᠡᠭᠡᠨ ᠭᠡᠷᠡᠯ ‍ᠬᠡᠮᠡᠭᠳᠡᠬᠦ ᠤᠷᠢᠳᠠ ᠯᠠᠮ ‍ᠠ᠋ ᠶ᠋ᠢᠨ ᠨᠢᠭᠤᠷ ᠲᠠᠨᠢᠭᠤᠯᠠᠬᠤᠢ ᠲᠡᠷᠡ ᠤᠳ᠌ᠬ ᠊ᠠ᠋ ᠭᠠᠳᠠᠭᠠᠳᠤ ᠠᠮᠢᠨ ᠲᠠᠰᠤᠷᠠᠭᠰᠠᠨ ᠴᠠᠭ ᠲᠤ ᠬᠠᠮᠤᠭ ᠨᠣᠮ ᠦ᠋ᠨ ᠴᠢᠨᠠᠷ ᠣᠭᠲᠠᠷᠭᠤᠢ ᠮᠡᠲᠦ᠃ ᠢᠮᠠᠭᠲᠠ ᠬᠣᠪ᠋ ᠬᠣᠭᠤᠰᠤᠨ᠃ ᠭᠡᠭᠡᠨ ᠬᠣᠭᠤᠰᠤᠨ ᠳᠤᠮᠳᠠ ᠬᠢᠴᠠᠬᠠᠷ ᠦᠭᠡᠢ ᠬᠬᠢᠷ ᠦᠭᠡᠢ (6a)

ᠨᠢᠭᠡᠨ ᠬᠣᠭᠤᠰᠤᠨ ᠤᠬᠠᠭᠠᠨ ᠲᠥᠷᠦᠵᠦ ᠢᠷᠡᠮᠦᠢ᠃ ᠲᠡᠷᠡ ᠴᠠᠭ ᠳ᠋ᠤᠷ ᠴᠢᠨᠦ ᠥᠪᠡᠷ ᠦ᠋ᠨ ᠨᠢᠭᠤᠷ ᠲᠠᠨᠢᠭᠤᠯᠰᠤᠭᠠᠢ᠃ ᠲᠡᠭᠦᠨᠢ ᠰᠡᠳᠬᠢᠯ ᠳᠡᠭᠡᠨ ᠪᠢᠰᠢᠯᠭᠠᠭᠲᠤᠭᠠᠢ᠃ ᠪᠢᠪᠡᠷ ᠲᠡᠷᠡ ᠴᠠᠭ ᠲᠤᠷ ᠢᠯᠡᠲᠡ ᠲᠠᠨᠢᠭᠤᠯᠰᠤᠭᠠᠢ᠅ ᠬᠡᠮᠡᠨ ᠭᠠᠳᠠᠭᠠᠳᠤ ᠠᠮᠢᠨ ᠲᠠᠰᠤᠷᠠᠭ ‍ᠠ᠋ ᠊ᠠᠳᠦᠢ ᠳᠡᠭᠡᠷ ‍ᠡ᠋ ᠴᠢᠬᠢᠨ ᠳ᠋ᠤᠷ ᠣᠯᠠᠨ ᠲᠠ ᠨᠣᠮᠯᠠᠭᠰᠠᠨ ᠦᠭᠡᠨ ‍ᠢ ᠰᠡᠳᠬᠢᠯ ᠳᠡᠭᠡᠨ ᠠᠭᠤᠯᠲᠠᠬᠤᠢ᠃ ᠲᠡᠨᠳᠡ ᠭᠠᠳᠠᠭᠠᠳᠤ ᠠᠮᠢᠨ ᠲᠠᠰᠤᠷᠠᠬᠤᠢ ᠲᠤ ᠵᠠᠪᠳᠤᠬᠤ ᠪᠣᠯᠬᠤ ᠪᠥᠭᠡᠰᠦ᠃ ᠪᠠᠷᠠᠭᠤᠨ ᠬᠠᠵᠢᠭᠤ ᠪᠡᠶᠡᠪᠡᠷ ᠠᠷᠰᠯᠠᠨ ᠬᠣᠪᠲᠣᠬᠦᠢᠢᠨ ᠳᠦᠷᠢ ᠪᠡᠷ ᠬᠡᠪᠲᠡᠨ ᠬᠣᠶᠠᠷ ᠪᠦᠷᠢ ᠰᠤᠳᠡᠰᠦᠨ ᠳᠥᠯᠭᠢᠰ ᠦ᠋ᠨ ᠰᠢᠬ ‍ᠠ᠋ ᠴᠢᠬᠤ ᠪᠣᠯᠤᠶᠤ᠃ ᠬᠣᠶᠠᠷ ᠰᠤᠳᠠᠰᠤᠨ ᠴᠢᠬᠤᠯᠳᠠᠬᠤᠢ ᠳ᠋ᠤᠷ ᠠᠮᠢᠰᠠᠬᠠᠨ ‍ᠤ ᠦᠯᠡᠭᠰᠡᠨ ‍ᠢ ᠲᠠᠰᠤᠯᠵᠤ᠃ ᠬᠦᠴᠢᠲᠡᠢ ‍ᠡ᠋ ᠳᠠᠷᠤᠭᠳᠠᠬᠤᠢ᠃ ᠲᠡᠨᠳᠡ (7)

ᠬᠢᠢ ᠠᠸᠠᠰᠤᠳᠢ ᠰᠤᠳᠠᠰᠤᠨ ᠡᠴᠡ ᠭᠠᠳᠠᠭᠰᠢ ᠭᠠᠷᠬᠤᠢ ᠦᠯᠦ ᠮᠡᠳᠡᠨ᠃ ᠠᠰᠷᠤ ‍ᠠ᠋ ᠶ᠋ᠢᠨ ᠦᠭᠡᠨ ‍ᠦ ᠮᠥᠷ ᠳᠥᠷ ᠮᠠᠭᠠᠳ ᠣᠯᠳᠠᠮᠤ᠃ ᠨᠢᠭᠤᠷ ᠲᠠᠨᠢᠭᠤᠯᠬᠤ ᠶ᠋ᠢ ᠪᠡᠷ ᠡᠨᠡ ᠴᠠᠭ ᠲᠤᠷ ᠦᠢᠯᠡᠳᠬᠦ ᠪᠤᠶᠤ᠃ ᠡᠨᠡ ᠴᠠᠭ ᠲᠤᠷ ᠡᠩ ᠲᠡᠷᠢᠭᠦᠨ ᠵᠠᠭᠤᠷ ‍ᠠ᠋ ᠳᠤ ᠨᠣᠮ ᠦ᠋ᠨ ᠴᠢᠨᠠᠷ ᠭᠡᠭᠡᠨ ᠭᠡᠷᠡᠯ ᠬᠡᠮᠡᠭᠳᠡᠬᠦ᠃ ᠨᠣᠮ ᠦ᠋ᠨ ᠪᠡᠶ ‍ᠡ᠋ ᠶ᠋ᠢᠨ ᠵᠣᠷᠢᠭ ᠪᠤᠷᠤᠭᠤ ᠠᠯᠵᠢᠶᠠᠰ ᠡᠰᠡ ᠪᠣᠯᠤᠭᠰᠠᠨ᠃ ᠨᠢᠭᠡᠨ ᠴᠢᠨᠠᠷ ᠬᠠᠮᠤᠭ ᠠᠮᠢᠲᠠᠨ ‍ᠤ ᠰᠡᠳᠬᠢᠯ ᠳ᠋ᠤᠷ ᠲᠥᠷᠦᠬᠦ ᠪᠣᠯᠤᠶᠤ᠅ ᠲᠡᠷᠡ ᠪᠡᠷ ᠭᠠᠳᠠᠭᠠᠳᠤ ᠠᠮᠢᠨ ᠲᠠᠰᠤᠷᠠᠨ ᠳᠣᠲᠤᠭᠠᠳᠤ ᠠᠮᠢᠨ ᠲᠠᠰᠤᠷᠠᠭ ‍ᠠ᠋ ᠊ᠠᠳᠤᠢ ᠲᠡᠷᠡ ᠵᠠᠪᠰᠠᠷ ‍ᠠ᠋ ᠬᠢᠢ ᠠᠸᠠᠳᠤᠳᠢ ᠰᠤᠳᠠᠰᠤᠨ ᠳ᠋ᠤᠷ ᠰᠢᠩᠭᠢᠬᠦ ᠪᠣᠯᠠᠢ᠅ ᠲᠡᠭᠦᠨ ᠳ᠋ᠤᠷ ᠡᠩ ᠣᠯᠠᠨᠬᠢᠨ ‍ᠤ ᠰᠦᠨᠡᠰᠦᠨ ᠥᠬᠦᠦᠡᠬᠦᠬᠦ ᠬᠡᠮᠡᠮᠦ᠃(7a)

ᠥᠨᠢ ᠤᠳᠠᠬᠤᠢ ᠶᠣᠰᠤᠨ ᠢᠨᠦ ᠮᠠᠭᠠᠳ ᠦᠭᠡᠢ ᠰᠠᠢᠢᠨ ᠮᠠᠭᠤ ᠰᠢᠲᠦᠭᠡᠨ ᠬᠢᠭᠡᠳ᠃ ᠬᠢᠢ ᠰᠤᠳᠠᠯ ᠦ᠋ᠨ ᠵᠡᠷᠭᠡ ᠪᠡᠷ  ᠪᠣᠯᠤᠶᠤ᠃ ᠪᠢᠰᠢᠯᠭᠠᠯ ᠨᠢᠭᠡᠨ ᠠᠢᠢᠮᠠᠭ ᠪᠦᠬᠦᠢ ᠬᠢᠭᠡᠳ ᠴᠢᠩ ᠪᠠᠲᠤ ᠠᠮᠤᠷᠯᠢᠨ ᠠᠬᠤᠢ ᠶᠣᠰᠤᠨ ᠪᠠ᠃ ᠰᠠᠢᠢᠨ ᠢᠵᠠᠭᠤᠷ ᠲᠠᠨᠤ ᠰᠤᠳᠠᠰᠤᠨ ᠳ᠋ᠤᠷ ᠥᠨᠢ ᠤᠷᠲᠤ ᠳ᠋ᠠ ᠠᠬᠤ ᠪᠠᠷ ᠪᠣᠯᠤᠶᠤ᠃ ᠲᠡᠭᠦᠨ ᠳ᠋ᠤᠷ ᠨᠢᠭᠤᠷ ᠲᠠᠨᠢᠭᠤᠯᠬᠤᠢ ᠢᠨᠦ ᠬᠢᠴᠢᠶᠡᠨ ᠡᠭᠦᠰᠬᠡᠭᠡᠳ᠃ ᠡᠷᠬᠡᠲᠡᠨ ‍ᠦ ᠨᠦᠬᠡᠨ ᠡᠴᠡ ᠰᠢᠷᠠ ᠤᠰᠤᠨ ᠡᠰᠡ ᠭᠠᠷᠤᠬ ‍ᠠ᠋ ᠢᠨᠠᠷᠤ ᠪᠠᠰᠠ ᠪᠢᠰᠢ᠊ ᠦᠢᠯᠡᠳᠳᠡᠬᠦᠢ᠃ ᠶᠡᠬᠡ ᠬᠢᠯᠢᠨᠴᠡ ᠲᠡᠨ ᠬᠢᠭᠡᠳ ᠮᠠᠭᠤ ᠢᠵᠠᠭᠤᠷ ᠲᠠᠨᠤ ᠰᠤᠳᠠᠰᠤᠨ ᠳ᠋ᠤᠷ ᠢᠨᠦ ᠬᠣᠷᠤᠮᠬᠠᠨ ᠨᠢᠭᠡᠨ ᠢᠨᠴᠢᠳᠬᠤ ᠶ᠋ᠢᠨ ᠲᠡᠳᠦᠢ ᠡᠴᠡ ᠥᠨᠢᠳᠡ ᠦᠯᠦ ᠣᠷᠤᠰᠢᠬᠤ ᠪᠠᠷ ᠪᠣᠯᠤᠶᠤ᠃ ᠵᠠᠷᠢᠮ ᠦ᠋ᠳ ᠰᠦᠨᠡᠰᠦᠨ ᠨᠢᠭᠡᠨ ᠢᠲᠡᠭᠡᠨ (8)

ᠢᠳᠡᠬᠦ ᠶ᠋ᠢᠨ ᠲᠡᠳᠦᠢ ᠬᠡᠨ ᠠᠬᠤ ᠪᠠᠷ ᠪᠣᠯᠤᠶᠤ᠃ ᠣᠯᠠᠬᠢᠨ ᠰᠤᠳᠤᠷ ᠳᠠᠨᠳᠠᠷ ᠡᠴᠡ ᠨᠢᠭᠡᠨ ᠬᠣᠨᠤᠭ ᠦ᠋ᠨ ᠵᠠᠷᠢᠮ ᠬᠢᠭᠡᠳ ᠳᠥᠷᠪᠡᠨ ᠬᠣᠨᠤᠭ ᠳ᠋ᠤᠷ ᠦᠭᠦᠳᠬᠦᠮᠦ ᠬᠡᠮᠡᠨ ᠨᠣᠮᠯᠠᠭᠰᠠᠨ ‍ᠤ ᠲᠤᠯᠠ ᠣᠯᠠᠨᠬᠢᠨ ᠢᠨᠦ ᠨᠢᠭᠡᠨ ᠬᠣᠨᠤᠭ ‍ᠤᠨ ᠵᠠᠷᠢᠮ ᠬᠢᠭᠡᠳ᠃ ᠳᠥᠷᠪᠡᠨ ᠬᠣᠨᠤᠭ ᠠᠬᠤ ᠶ᠋ᠢᠨ ᠲᠤᠯᠠ ᠭᠡᠭᠡᠨ ᠭᠡᠷᠡᠯ ᠦ᠋ᠨ ᠨᠢᠭᠤᠷ ᠲᠠᠨᠢᠭᠤᠯᠬᠤᠢ ᠡᠭᠦᠨ ‍ᠢ ᠬᠢᠴᠢᠶᠡᠨ ᠦᠢᠯᠡᠳᠬᠦ ᠪᠣᠯᠠᠢ᠅ ᠦᠢᠯᠡᠳᠬᠦᠢᠢᠨ ᠶᠣᠰᠤᠨ ᠢᠨᠦ᠃ ᠥᠪᠡᠷ ᠦ᠋ᠨ ᠰᠦᠨᠡᠰᠦᠨ ‍ᠢ ᠲᠡᠭᠡᠭᠰᠢ ᠠᠭᠤᠯᠬᠤ ᠶ᠋ᠢ ᠥᠪᠡᠰᠦᠪᠡᠨ ᠡᠰᠡ ᠴᠢᠳᠠᠪᠠᠰᠤ ᠯᠠᠨ᠂ ᠯᠠᠮ ‍ᠠ᠋ ᠪᠠ ᠳᠢᠳᠰᠢ ᠨᠠᠷ ᠪᠠ᠃ ᠰᠡᠳᠬᠢᠯ ᠶ᠋ᠢᠡᠨ ᠠᠮᠠᠷᠠᠭᠯᠠᠭᠰᠠᠨ ᠠᠬ ‍ᠠ᠋ ᠳᠦᠨᠢ ᠨᠣᠭᠦᠳ ᠦ᠋ᠨ ᠨᠢᠭᠡᠨ ‍ᠢ ᠰᠠᠭᠤᠯᠭᠠᠵᠤ ᠪᠦᠷ ᠦ᠋ᠨ᠃ ᠲᠡᠷᠡ ᠡᠳᠦᠭᠡ ᠬᠡᠮᠡᠪᠡᠰᠦ ᠰᠢᠷᠥᠢ ᠤᠰᠤᠨ (8ᠠ)

ᠳ᠋ᠤᠷ ᠰᠢᠩᠭᠡᠭᠰᠡᠨ ᠪᠡᠯᠭᠡᠨ ᠪᠣᠯᠤᠮᠤ᠃ ᠬᠡᠮᠡᠨ ᠪᠡᠯᠭᠡᠨ ᠨᠣᠭᠦᠳ ᠦ᠋ᠨ ᠶᠣᠰᠤᠨ ‍ᠢ ᠢᠯᠡᠲᠡ ᠲᠣᠳᠤᠷᠬᠠᠢ ‍ᠠ᠋ ᠦᠵᠡᠭᠦᠯᠬᠦᠢ ᠳ᠋ᠤᠷ᠃ ᠪᠡᠯᠭᠡᠨ ‍ᠦ ᠶᠣᠰᠤᠨ ‍ᠢ ᠵᠡᠷᠭᠡᠪᠡᠷ ᠲᠡᠭᠦᠰᠬᠡᠨ ᠳᠠᠷᠤᠢ ᠳᠡᠭᠡᠷ ‍ᠡ᠋ ᠡᠨᠡ ᠮᠡᠲᠦ ᠰᠡᠳᠬᠢᠯ ᠡᠭᠦᠰᠬᠡᠬᠦᠢ ᠣᠨᠤᠭᠳᠠᠬᠤ ᠪᠣᠯᠠᠢ᠅ ᠠᠢ ᠢᠵᠠᠭᠤᠷ ᠲᠠᠨᠤ ᠬᠦᠪᠡᠭᠦᠨ ᠬᠡᠮᠡᠭᠳᠡᠭᠦ ᠪᠠ᠃ ᠯᠠᠮ ‍ᠠ᠋ ᠪᠣᠯᠪᠠᠰᠤ ᠪᠣᠭᠳᠠ ᠭᠡᠭᠡᠨ ᠳ᠋ᠤᠷ ᠶ᠋ᠢᠠᠨ ᠰᠡᠳᠬᠢᠯ ᠡᠭᠦᠰᠬᠡᠬᠦᠢ ᠦᠯᠦ ᠠᠯᠭᠠᠰᠠᠨ ᠰᠡᠳᠬᠢᠭᠳᠡᠬᠦ ᠬᠡᠮᠡᠨ ᠥᠴᠦᠬᠡᠨ ᠳᠠᠭᠤᠪᠠᠷ ᠰᠣᠨᠤᠰᠬᠠᠨ ᠥᠴᠢᠭᠳᠡᠬᠦᠢ᠃ ᠪᠤᠰᠤ ᠨᠥᠬᠤᠳ ᠠᠬ ‍ᠠ᠋ ᠳᠡᠭᠦ ᠪᠥᠭᠡᠰᠦ᠃ ᠠᠷ ‍ᠠ᠋ ᠪᠠᠷ ᠳᠠᠭᠤᠳᠠᠭᠠᠳ ᠢᠢᠨ ᠬᠡᠮᠡᠨ ᠥᠭᠦᠯᠡᠭᠳᠡᠬᠦᠢ᠅ ᠠᠢ ᠢᠵᠠᠭᠤᠷ ᠲᠠᠨᠤ ᠬᠥᠪᠡᠭᠦᠳ ᠦᠬᠦᠪᠡ ᠬᠡᠮᠡᠭᠴᠢ ᠲᠡᠷᠡ ᠡᠳᠦᠭᠡ ᠴᠢ ᠪᠣᠯᠪᠠᠢ ᠠᠢ᠃ ᠴᠢ ᠥᠪᠡᠰᠦᠪᠡᠨ ᠡᠨᠡ ᠮᠡᠲᠦ ᠰᠡᠳᠬᠢᠯ ‍ᠢ ᠡᠭᠦᠰᠬᠡᠨ ᠦᠢᠯᠡᠳᠳᠡᠬᠦᠢ᠅ (9)

ᠠᠢ ᠡᠳᠦᠭᠡ ᠦᠬᠦᠬᠦᠢ ᠴᠠᠭ ᠲᠠᠭᠠᠨ ᠬᠦᠷᠦᠭᠰᠡᠨ ᠶ᠋ᠢᠡᠷ᠃ ᠲᠡᠭᠦᠨ ᠳ᠋ᠤᠷ ᠡᠨᠡ ᠦᠬᠦᠭᠰᠡᠨ ᠳ᠋ᠡᠭᠡᠨ ᠰᠢᠲᠦᠵᠦ ᠪᠦᠷ ᠦ᠋ᠨ᠃ ᠠᠰᠠᠷᠠᠬᠤᠢ ᠬᠢᠭᠡᠳ ᠨᠢᠭᠦᠯᠡᠰᠬᠦᠢ ᠪᠣᠳᠢᠴᠢᠳ ᠰᠡᠳᠬᠢᠯ ‍ᠢ ᠢᠮᠠᠭᠲᠠ ᠡᠭᠦᠰᠬᠡᠭᠳᠡᠬᠦᠢ᠃ ᠣᠭᠲᠠᠷᠭᠤᠢ ᠯᠤᠭ᠎ ‍ᠠ᠋ ᠰᠠᠴᠠ ᠬᠠᠮᠤᠭ ᠠᠮᠢᠲᠠᠨ ‍ᠤ ᠲᠤᠰᠠ ᠶ᠋ᠢᠨ ᠲᠤᠯᠠᠳᠠ ᠲᠤᠭᠤᠯᠤᠭᠰᠠᠨ ᠪᠤᠷᠬᠠᠨ ‍ᠤ ᠬᠤᠲᠤᠭ ‍ᠢ ᠣᠯᠬᠤ ᠪᠣᠯᠤᠶᠤ᠃ ᠬᠡᠮᠡᠨ ᠰᠡᠳᠬᠢᠭᠰᠡᠨ ᠶ᠋ᠢᠡᠷ ᠦᠯᠠᠮᠵᠢ ᠡᠳᠦᠭᠡ ᠬᠠᠮᠤᠭ ᠠᠮᠢᠲᠠᠨ ‍ᠤ ᠲᠤᠰᠠ ᠶ᠋ᠢᠨ ᠲᠤᠯᠠᠳᠠ᠃ ᠦᠬᠦᠬᠦᠢ ᠭᠡᠭᠡᠨ ᠭᠡᠷᠡᠯ ᠨᠣᠮ ᠦ᠋ᠨ ᠪᠡᠢ ‍ᠡ᠋ ᠶ᠋ᠢ ᠮᠡᠳᠡᠭᠡᠳ᠃ ᠲᠡᠭᠦᠨ ‍ᠦ ᠠᠭᠠᠷ ᠡᠴᠡ ᠮᠠ᠋ ᠾᠠ᠋ ‍ᠠ᠋ ᠮᠤᠲᠷ ‍ᠠ᠋ ᠶ᠋ᠢᠨ ᠳᠡᠭᠡᠳᠦ ᠰᠢᠳᠲᠢ ᠶ᠋ᠢ ᠣᠯᠵᠤ ᠪᠦᠷ ᠦ᠋ᠨ᠃ ᠬᠠᠮᠤᠭ ᠠᠮᠢᠲᠠᠨ ‍ᠤ ᠲᠤᠰᠠ ᠶ᠋ᠢ ᠦᠢᠯᠡᠳᠬᠦ ᠪᠣᠯᠤᠶᠤ᠅ ᠲᠡᠭᠦᠨ ‍ᠢ ᠡᠰᠡ ᠣᠯᠪᠠᠴᠤ ᠵᠠᠭᠤᠷ ‍ᠠ᠋ ᠳ᠋ᠤ ᠶ᠋ᠢᠨ ᠨᠢᠭᠤᠷ ᠲᠠᠨᠢᠬᠤ ᠪᠣᠯᠤᠭᠠᠳ᠃ ᠵᠠᠭᠤᠷ ‍ᠠ᠋ ᠳ᠋ᠤ ᠶ᠋ᠢᠨ ᠶᠡᠬᠡᠳᠡ ᠬᠣᠰᠯᠠᠨ (9a)

ᠣᠷᠤᠯᠳᠤᠬᠤᠢ ᠪᠡᠢ ‍ᠡ᠋ ᠶ᠋ᠢ ᠢᠯᠡᠳᠲᠡ ᠪᠦᠲᠦᠭᠡᠵᠦ ᠪᠦᠷ ᠦ᠋ᠨ᠃ ᠠᠯᠢᠨ ᠳ᠋ᠤᠷ ᠠᠯᠢᠨ ᠶ᠋ᠢᠠᠷ ᠨᠣᠮᠤᠬᠠᠳᠬᠠᠬᠤᠢ ᠪᠡᠢ ‍‍ᠠ᠋ ᠪᠡᠷ᠃ ᠣᠭᠲᠠᠷᠬᠤ ᠶ᠋ᠢᠨ ᠬᠢᠵᠠᠭᠠᠷ ᠯᠤᠭ᠎ ‍ᠠ᠋ ᠰᠠᠴᠠ ᠬᠠᠮᠤᠭ ᠠᠮᠢᠲᠠᠨ ‍ᠤ ᠲᠤᠰᠠ ᠦᠢᠯᠡᠳᠰᠦᠭᠡᠢ ᠬᠡᠮᠡᠨ᠃ ᠪᠣᠳᠢᠴᠢᠳ ᠰᠡᠳᠬᠢᠯ ‍ᠢ ᠦᠰᠬᠢᠨ ᠡᠭᠦᠰᠬᠡᠬᠦᠢ ᠡᠴᠡ᠂ ᠦᠯᠦ ᠬᠠᠭᠠᠴᠠᠨ᠃ ᠴᠢ ᠥᠪᠡᠷ ᠦ᠋ᠨ ᠥᠪᠡᠰᠦᠪᠡᠨ ᠤᠷᠢᠳᠠ ᠠᠯᠢᠮᠠᠳ ᠪᠢᠰᠢᠯᠭᠠᠭᠰᠠᠨ ᠤᠪᠢᠳᠢᠨ ᠲᠡᠭᠦᠨᠢ ᠪᠢᠰᠢᠯᠭᠠᠯ ‍ᠢ ᠳᠤᠷᠠᠳᠳᠤᠨ ᠰᠡᠳᠬᠢᠭᠳᠡᠬᠦᠢ᠅ ᠬᠡᠮᠡᠨ ᠴᠢᠬᠢᠨ ᠳ᠋ᠤᠷ ᠢᠨᠦ ᠬᠣᠰᠢᠭᠤᠪᠠᠨ ᠲᠤᠰᠯᠠᠨ ᠲᠣᠳᠤᠷᠬᠠᠢ ‍ᠠ᠋ ᠡᠨᠡ ᠠᠶᠠᠯᠭᠤᠨ ‍ᠢ ᠦᠭᠦᠯᠡᠬᠦᠢ ᠳ᠋ᠤᠷ ᠨᠢᠭᠡᠨ ᠭ᠌ᠱᠠᠨ ᠳ᠋ᠤᠷ ᠦᠯᠦ ᠠᠯᠭᠠᠰᠬᠤ ᠪᠣᠯᠤᠨ ᠬᠢᠴᠢᠶᠡᠨ ᠪᠢᠰᠢᠯᠭᠠᠭᠳᠠᠬᠤᠢ᠃ ᠲᠡᠭᠦᠨ ᠳ᠋ᠤᠷ ᠭᠠᠳᠠᠭᠠᠳᠤ ᠠᠮᠢᠨ ᠲᠠᠰᠤᠷᠠᠵᠤ ᠳᠠᠭᠤᠰᠤᠭᠰᠠᠨ ᠳ᠋ᠤᠷ᠃ ᠤᠷᠪᠠᠬᠤᠢ ᠬᠣᠶᠠᠷ ᠰᠤᠳᠠᠯ ‍ᠢ ᠬᠦᠴᠦᠲᠡᠢ ‍ᠡ᠋ ᠳᠠᠷᠤᠬᠤᠢ ᠳ᠋ᠤᠷ (10)

ᠡᠳᠡᠭᠡᠷ ᠠᠶᠠᠯᠭᠤᠨ ‍ᠢ ᠢᠯᠡᠳᠡ ᠢᠢᠨ ᠬᠡᠮᠡᠨ ᠥᠭᠦᠯᠡᠬᠦᠢ᠃ ᠯᠠᠮ ‍ᠠ᠋ ᠪᠠ ᠥᠪᠡᠷ ᠲᠤᠷ ᠶᠡᠬᠡ ᠠᠴᠢ ᠲᠤ ᠪᠤᠶᠠᠨ ‍ᠤ ᠨᠥᠬᠦᠳ ᠪᠣᠯᠪᠠᠰᠤ ᠯᠠᠨ᠃ ᠪᠣᠭᠳᠠ ᠡᠡ᠋ ᠥᠪᠡᠷ ᠦ᠋ᠨ ᠰᠡᠳᠬᠢᠯ ᠳ᠋ᠤᠷ ᠡᠨᠡ ᠮᠡᠲᠦ ᠰᠢᠲᠦᠭᠡᠨ ᠭᠡᠭᠡᠨ ᠭᠡᠷᠡᠯ ᠲᠥᠷᠦᠵᠦ ᠢᠷᠡᠮᠦᠢ᠃ ᠪᠢᠰᠢᠯᠭᠠᠯ ‍ᠢ ᠦᠯᠡᠮᠵᠢ ᠬᠢᠴᠢᠶᠡᠨ ᠠᠭᠤᠯᠬᠤ ᠶ᠋ᠢ ᠥᠴᠢᠮᠦᠢ ᠬᠡᠮᠡ ᠥᠴᠢᠭᠳᠡᠬᠦᠢ᠃ ᠶᠡᠷᠦ ᠪᠤᠰᠤ ᠪᠦᠭᠦᠳᠡ ᠳ᠋ᠤᠷ ᠢᠢᠨ ᠬᠡᠮᠡᠨ ᠨᠢᠭᠤᠷ ᠲᠠᠨᠢᠭᠤᠯ᠅ ᠠᠢ ᠢᠵᠠᠭᠤᠷ ᠲᠠᠨᠤ ᠬᠥᠪᠠᠭᠦᠨ ᠢᠢᠮᠦ ᠨᠡᠷᠡᠲᠦ ᠴᠢ ᠰᠣᠨᠤᠰᠲᠠᠨᠤ᠃ ᠴᠢᠮᠠᠳᠤᠷ ᠡᠳᠦᠭᠡ ᠨᠣᠮ ᠦ᠋ᠨ ᠴᠢᠨᠠᠷ ᠦ᠋ᠨ ᠠᠷᠢᠯᠤᠭᠰᠠᠨ ᠭᠡᠭᠡᠨ ᠭᠡᠷᠡᠯ ᠲᠥᠷᠦᠬᠦ ᠪᠣᠯᠤᠶᠤ᠃ ᠢᠯᠡᠲᠡ ᠮᠡᠳᠡᠨ ᠦᠢᠯᠡᠳᠲᠡᠬᠦᠢ᠅ ᠠᠢ ᠢᠵᠠᠭᠤᠷ ᠲᠠᠨᠤ ᠬᠥᠪᠡᠭᠦᠨ ᠴᠢᠨᠦ ᠥᠪᠡᠷ ᠦ᠋ᠨ ᠤᠬᠠᠭᠠᠨ ᠡᠳᠦᠭᠡ ᠠᠷᠢᠯᠤᠭᠰᠠᠨ ᠭᠡᠭᠡᠨ ᠬᠣᠭᠤᠰᠤᠨ ᠡᠨᠡ ᠢᠯᠡᠲᠡ (10a)

ᠥᠩᠭᠡ ᠪᠡᠯᠭᠡ ᠪᠣᠳᠠ ᠵᠠᠭᠤᠬᠠᠭ ᠪᠡᠷ ᠡᠰᠡ ᠪᠦᠲᠦᠭᠰᠡᠨ ᠭᠡᠭᠡᠨ ᠬᠣᠭᠤᠰᠤᠨ ᠠᠷᠢᠯᠤᠭᠰᠠᠨ ᠡᠨᠡ ᠬᠦ ᠨᠣᠮ ᠦ᠋ᠨ ᠴᠢᠨᠠᠷ ᠰᠠᠮᠠᠨᠳᠠᠪᠠᠳᠠᠷᠢ ᠶ᠋ᠢᠨ ᠶᠣᠰᠤᠨ ᠮᠥᠨ ᠪᠣᠯᠤᠶᠤ᠃ ᠴᠠᠷ ᠥᠪᠡᠷ ᠦ᠋ᠨ ᠮᠡᠳᠡᠬᠦᠢ ᠤᠬᠤᠭᠠᠨ ‍ᠢᠢᠨ ᠬᠣᠭᠤᠰᠤᠨ ᠲᠡᠷᠡ ᠮᠡᠲᠦ ᠪᠥᠭᠡᠰᠦ᠃ ᠬᠣᠭᠤᠰᠤᠨ ᠲᠠᠰᠤᠷᠠᠨ ᠡᠰᠡ ᠲᠠᠰᠤᠷᠠᠲᠠᠯᠠ ᠥᠪᠡᠷ ᠦ᠋ᠨ ᠮᠡᠳᠡᠬᠦᠢ ᠤᠬᠠᠭᠠᠨ᠃ ᠳᠦᠷᠢᠳᠬᠢᠯ ᠦᠭᠡᠢ ᠭᠡᠭᠡᠨ ᠬᠣᠭᠤᠰᠤᠨ ᠲᠤᠩᠭᠠᠯᠠᠭ ᠡᠨᠡ ᠬᠦ ᠤᠬᠠᠭᠠᠨ ᠰᠠᠮᠠᠨᠳᠠᠪᠠᠳᠠᠷᠢ ᠪᠤᠷᠬᠠᠨ ‍ᠤ ᠴᠢᠨᠠᠷ ᠪᠣᠯᠤᠶᠤ᠃ ᠥᠪᠡᠷ ᠦ᠋ᠨ ᠤᠬᠠᠭᠠᠨ ᠪᠣᠳᠠ ᠶᠠᠭᠤᠬᠠᠨ ᠪᠡᠷ ᠡᠰᠢ᠊ᠡ᠋ ᠪᠦᠲᠦᠭᠰᠡᠨ ᠮᠥᠨ ᠴᠢᠨᠠᠷ ᠬᠣᠭᠤᠰᠤᠨ ᠪᠠ᠃ ᠥᠪᠡᠷ ᠦ᠋ᠨ ᠮᠡᠳᠡᠬᠦᠢ ᠠᠷᠢᠭᠤᠨ ᠲᠤᠩᠭᠠᠯᠠᠭ ᠪᠣᠯᠤᠭᠰᠠᠨ ᠶ᠋ᠢᠨ ᠬᠣᠶᠠᠷ ᠬᠠᠭᠠᠴᠠᠯ ᠦᠭᠡᠢ ᠴᠢᠨᠠᠷ ᠲᠤ᠃ ᠡᠨᠡ ᠬᠦ ᠪᠤᠷᠬᠠᠨ ‍ᠤ ᠨᠣᠮ ᠦ᠋ᠨ ᠪᠡᠢ ‍ᠡ᠋ ᠪᠣᠯᠤᠶᠤ᠃ ᠥᠪᠡᠷ ᠦ᠋ᠨ ᠤᠬᠠᠭᠠᠨ ᠬᠢᠭᠡᠳ ᠬᠣᠭᠤᠰᠤᠨ ᠢᠯᠠᠭᠠᠯ (11)

ᠦᠭᠡᠢ ᠭᠡᠷᠡᠯ ᠦ᠋ᠨ ᠴᠣᠭᠴᠠ ᠪᠣᠯᠤᠭᠰᠠᠨ᠃ ᠡᠭᠦᠨ ᠳ᠋ᠤᠷ ᠲᠥᠷᠦᠬᠦᠢ ᠦᠬᠦᠬᠦᠢ ᠦᠭᠡᠢ ᠪᠤᠷᠬᠠᠨ ‍ᠤ ᠤᠷᠪᠠᠯ ᠦᠭᠡᠢ ᠭᠡᠷᠡᠯ ᠡᠨᠡ ᠬᠦ ᠪᠣᠯᠤᠶᠤ᠃ ᠲᠡᠭᠦᠨᠦ ᠢᠯᠡᠨᠲᠡ ᠮᠡᠳᠡᠬᠦᠢ ᠬᠡᠷᠡᠷᠡ᠋ ᠲᠦ ᠪᠤᠶᠤ᠃ ᠥᠪᠡᠷ ᠦ᠋ᠨ ᠤᠬᠠᠭᠠᠨ ᠪᠢᠯᠢᠭ ᠦ᠋ᠨ ᠪᠣᠳᠠ ᠭᠡᠢᠢᠭᠰᠡᠨ ᠡᠨᠡ ᠪᠤᠷᠬᠠᠨ ‍ᠤ ᠨᠢᠭᠤᠷ ᠲᠠᠨᠢᠵᠤ᠃ ᠥᠪᠡᠷ ᠦ᠋ᠨ ᠤᠬᠠᠭᠠᠨ ᠳ᠋ᠤᠷ ᠥᠪᠡᠷ ᠶ᠋ᠢᠡᠨ ᠡᠨᠡᠬᠦ ᠪᠤᠷᠬᠠᠨ ‍ᠤ ᠵᠣᠷᠢᠭ ᠳᠤᠷ ᠠᠭᠤᠯᠤᠭᠰᠠᠨ ᠪᠣᠯᠤᠶᠤ᠅ ᠬᠡᠮᠡᠨ ᠭᠤᠷᠪᠠᠨ ᠲᠠ ᠪᠠ ᠳᠣᠯᠤᠭᠠᠨ ᠲᠠ ᠬᠦᠷᠲᠯᠡᠨ ᠲᠣᠳᠤᠷᠬᠠᠢ ‍ᠠ᠋ ᠢᠷᠠᠭᠤ ᠳᠠᠭᠤᠨ ᠶ᠋ᠢᠠᠷ ᠤᠩᠰᠢᠭᠳᠠᠬᠤᠢ᠃ ᠅ ᠲᠡᠳᠦᠨ ᠳ᠋ᠤᠷ ᠡᠩ ᠲᠡᠷᠢᠭᠦᠨ ᠯᠠᠮ ‍ᠠ᠋ ᠶ᠋ᠢᠨ ᠨᠢᠭᠤᠷ ᠲᠠᠨᠢᠭᠤᠯᠤᠭᠰᠢᠨ ᠤᠪᠢᠳᠢᠨ ‍ᠢ ᠳᠤᠷᠠᠳᠤᠨ᠃ ᠬᠣᠶᠠᠳᠤᠭᠠᠷ ᠥᠪᠡᠷ ᠦ᠋ᠨ ᠤᠬᠠᠭᠠᠨ ‍ᠢ ᠬᠣᠭᠣᠰᠤᠨ ᠭᠡᠭᠡᠨ ᠭᠡᠷᠡᠯ ᠦ᠋ᠨ ᠨᠢᠭᠤᠷ ᠲᠠᠨᠢᠭᠤᠯᠬᠤᠢ᠃ (11a)

ᠭᠤᠲᠠᠭᠠᠷ ᠥᠪᠡᠷ ᠦ᠋ᠨ ᠨᠢᠭᠤᠷ ‍ᠢ ᠲᠠᠨᠢᠵᠤ᠃ ᠨᠣᠮ ᠦ᠋ᠨ ᠪᠡᠢ ‍ᠡ᠋ ᠯᠦᠭᠡ ᠬᠠᠭᠠᠴᠠᠯ ᠦᠭᠡᠢ ᠪᠣᠯᠤᠭᠠᠳ᠃ ᠮᠠᠭᠠᠳ ᠶ᠋ᠢᠠᠷ ᠲᠣᠨᠢᠯᠠᠬᠪ ᠪᠣᠯᠤᠨ᠃ ᠲᠡᠨᠳᠡ ᠭᠡᠭᠡᠨ ᠭᠡᠷᠡᠯ ᠦ᠋ᠨ ᠡᠩ ᠲᠡᠷᠢᠭᠦᠨ ᠨᠢᠭᠤᠷ ᠲᠠᠨᠢᠭᠠᠳ ᠲᠣᠨᠢᠯᠠᠬᠤ ᠪᠣᠯᠤᠶᠤ᠃ ᠪᠠᠰᠠ ᠬᠡᠳᠪᠡᠷ ᠡᠩ ᠲᠡᠷᠢᠭᠦᠨ ᠭᠡᠭᠡᠨ ᠭᠡᠷᠡᠯ ‍ᠢ ᠲᠡᠭᠦᠨ ᠳ᠋ᠤᠷ ᠢᠯᠡᠲᠡ ᠡᠰᠡ ᠪᠠᠷᠢᠪᠠᠰᠤ ᠯᠠᠨ᠃ ᠪᠠᠰᠠ ᠬᠣᠶᠠᠳᠤᠭᠠᠷ ᠭᠡᠭᠡᠨ ᠭᠡᠷᠡᠯ ᠬᠡᠮᠡᠭᠳᠡᠭᠦ ᠲᠥᠷᠦᠬᠦ ᠪᠣᠯᠤᠶᠤ ᠲᠡᠭᠦᠨᠦ ᠴᠠᠭ ᠢᠨᠦ ᠭᠠᠳᠠᠭᠠᠳᠤ ᠠᠮᠢᠨ ᠲᠠᠰᠤᠷᠠᠬᠤᠨ ᠨᠢᠭᠡᠨ ᠢᠳᠡᠭᠡᠨ ᠢᠳᠡᠬᠦ ᠶ᠋ᠢᠨ ᠲᠡᠳᠦᠢ ᠡᠴᠡ ᠦᠯᠡᠬᠦᠭᠡᠨ ᠪᠣᠯᠪᠠᠰᠤ ᠲᠡᠨᠳᠡᠭᠡᠨ᠍ ‍ᠡ᠋ ᠪᠣᠯᠤᠮᠤ᠃ ᠰᠠᠢᠢᠨ ᠮᠠᠭᠤ ᠦᠢᠯᠡᠨ ᠶ᠋ᠢᠡᠷ ᠪᠠᠷᠠᠭᠤᠨ ᠵᠡᠭᠦᠨ ᠰᠤᠳᠠᠰᠤᠨ ‍ᠦ ᠠᠯᠢᠨ ᠳ᠋ᠤᠷ ᠬᠡᠢ ᠤᠳᠤᠭᠰᠠᠨ ‍ᠶ᠋ᠢᠠᠷ ᠠᠯᠢᠮᠠᠳ ᠬᠠᠭᠠᠯᠠᠭᠠᠨ ‍ᠤ ᠨᠢᠭᠡᠨ ᠶ᠋ᠢᠡᠷ ᠭᠠᠷᠤᠭᠰᠠᠨ (12)   

ᠰᠦᠨᠡᠰᠦᠨ ‍ᠢ ᠮᠥᠷ ᠢᠯᠡᠲᠡ ᠪᠣᠯᠤᠶᠤ᠃ ᠲᠡᠷᠡ ᠪᠡᠷ ᠢᠲᠡᠭᠡᠨ ᠢᠳᠡᠬᠦᠢᠢᠨ ᠬᠣᠷᠤᠮᠬᠠᠨ ᠪᠡᠷ ᠠᠮᠣᠢ᠃ ᠰᠤᠳᠠᠯ ᠦ᠋ᠨ ᠰᠠᠢᠢᠨ ᠮᠠᠭᠤᠢ ᠳ᠋ᠤᠷ ᠪᠢᠰᠢᠯᠭᠠᠯ ᠪᠤᠢ᠃ ᠦᠭᠡᠢ ᠪᠡᠷ ᠪᠣᠯᠤᠶᠤ ᠲᠡᠷᠡ ᠴᠠᠭ ᠲᠤᠷ ᠰᠦᠨᠡᠰᠦᠨ ᠭᠠᠳᠠᠭᠰᠢ ᠭᠠᠷᠤᠭᠠᠳ ᠰᠠᠴᠠ ᠦᠬᠦᠭᠰᠡᠨ ᠪᠤᠶᠤ ᠪᠠ ᠠᠮᠢᠳᠤ ᠪᠤᠶᠤ ᠦ᠋ᠤ ᠢᠯᠡᠲᠡ ᠦᠯᠦ ᠮᠡᠳᠡᠨ᠃ ᠦᠷᠢ ᠰᠠᠳᠠᠨ ᠡᠴᠡ ᠤᠷᠢᠳᠠᠤ ᠮᠡᠲᠦ ᠬᠠᠭᠠᠴᠠᠭᠰᠠᠨ ‍ᠢ ᠦᠵᠡᠵᠦ ᠪᠦᠷ ᠦ᠋ᠨ᠃ ᠤᠬᠢᠯᠠᠬᠤ ᠳᠠᠭᠤᠨ ‍ᠢ ᠪᠡᠷ ᠰᠣᠨᠤᠰᠤᠮᠤᠢ᠃ ᠵᠠᠶᠠᠭᠠᠨ ‍ᠤ ᠡᠳᠡᠭᠦᠷᠡᠬᠦᠢᠢᠨ ᠳᠣᠭᠰᠢᠨ ᠠᠪᠢᠶᠠᠨ ᠰᠡᠳᠬᠢᠯ ᠳ᠋ᠤᠷ ᠲᠥᠷᠦᠭᠡᠳ᠃ ᠠᠶᠤᠭᠤᠯᠳᠠᠬᠤᠢ ᠳᠦᠷᠰᠦᠲᠡᠨ ᠬᠠᠲᠠᠭᠤ ᠳᠣᠭᠰᠢᠨ ᠡᠷᠭ᠋ᠯᠢᠭ ᠦ᠋ᠳ ᠬᠦᠷᠴᠦ ᠢᠷᠡᠬᠦ ᠶ᠋ᠢᠨ ᠤᠷᠢᠳᠠ᠃ ᠲᠡᠷᠡ ᠵᠠᠪᠰᠠᠷ ‍ᠠ᠋ ᠤᠪᠢᠳᠢᠨ ‍ᠢ ᠦᠵᠡᠭᠦᠯᠡᠬᠦ ᠪᠣᠯᠠᠢ᠅ (12a)

ᠲᠡᠭᠦᠨ ᠳ᠋ᠤᠷ ᠲᠡᠭᠦᠰᠭᠡᠬᠦ ᠶ᠋ᠢᠨ ᠵᠡᠷᠭᠡ ᠬᠢᠭᠡᠳ ᠡᠭᠦᠰᠬᠡᠬᠦᠢᠢᠨ ᠵᠡᠷᠭᠡ ᠯᠦᠭᠡ ᠵᠢᠷᠦᠭᠡᠯᠡ ᠪᠤᠢ᠃ ᠲᠡᠭᠦᠰᠬᠡᠬᠦᠢᠢᠨ ᠵᠡᠷᠭᠡ ᠲᠡᠨ ᠪᠣᠯᠪᠠᠰᠤ ᠯᠠᠨ ᠠᠷ ‍ᠠ᠋ ᠪᠠᠷ ᠭᠤᠷᠪᠠᠨ ᠲᠠ ᠳᠠᠭᠤᠳᠠᠭᠠᠳ᠃ ᠳᠡᠭᠡᠷ ‍ᠡ᠋ ᠦᠵᠡᠭᠦᠯᠦᠬᠰᠡᠨ ᠭᠡᠭᠡᠨ ᠭᠡᠷᠡᠯ ᠦ᠋ᠨ ᠨᠢᠭᠤᠷ ᠲᠠᠨᠢᠭᠤᠯᠬᠤ ᠮᠠᠭᠠᠳᠬᠠᠨ ᠦᠢᠯᠡᠳᠡᠬᠦᠢ ᠡᠭᠦᠰᠬᠡᠬᠦᠢ ᠶ᠋ᠢᠨ ᠵᠡᠷᠭᠡ ᠲᠡᠨ ᠯᠠᠨ᠃ ᠴᠢᠨᠦ ᠥᠪᠡᠷ ᠦ᠋ᠨ ᠢᠳᠠᠮ ᠪᠤᠷᠬᠠᠨ ᠠᠯᠢ ᠪᠥᠭᠡᠰᠦ᠃ ᠲᠡᠭᠦᠨᠢ ᠰᠡᠳᠬᠢᠯ ᠳᠡᠭᠡᠨ ᠪᠢᠰᠢᠯᠭᠠᠬᠤᠢ᠃ ᠬᠥᠯᠭᠡ ᠶ᠋ᠢ ᠢᠨᠦ ᠤᠩᠰᠢᠭᠳᠠᠬᠤᠢ᠅ ᠠᠢ ᠢᠵᠠᠭᠤᠷ ᠲᠠᠨᠤ ᠬᠥᠪᠡᠭᠦᠨ ᠴᠢ ᠥᠪᠡᠷ ᠦ᠋ᠨ ᠡᠨᠡ ᠶᠢᠳᠠᠮ ᠪᠤᠷᠬᠠᠨ ‍ᠢ ᠪᠢᠰᠢᠯᠭᠠᠳᠠᠬᠤᠢ ᠦᠯᠦ ᠠᠯᠭᠠᠰᠠᠭᠳᠠᠬᠤᠢ᠃ ᠴᠢᠩ ᠪᠠᠲᠤ ᠰᠦᠰᠦᠯᠬᠦᠢ ᠰᠡᠳᠬᠢᠯ ᠶ᠋ᠢᠡᠷ ᠤᠷᠢᠭᠳᠠᠬᠤᠢ᠃ ᠪᠣᠳᠠ ᠶ᠋ᠢᠨ ᠮᠥᠨ ᠴᠢᠨᠠᠷ ᠦᠭᠡᠢ ᠬᠣᠭᠤᠰᠤᠨ (13)

ᠤᠰᠤᠨ ᠳᠣᠲᠤᠷᠬᠢ ᠰᠠᠷᠠᠨ ᠮᠡᠲᠦ ᠪᠢᠰᠢᠯᠭᠠᠭᠳᠠᠬᠤᠦ᠃ ᠪᠣᠳᠠᠲᠤ ᠬᠡᠮᠡᠨ ᠦᠯᠦ ᠪᠢᠰᠢᠯᠭᠠᠭᠳᠠᠬᠤᠢ᠃ ᠪᠣᠳᠠ ᠶᠠᠭᠤᠬᠠᠨ ᠪᠠᠷ ᠡᠰᠡ ᠪᠦᠲᠦᠭᠰᠡᠨ ᠪᠤᠶᠤ ᠬᠡᠮᠡᠨ ᠵᠠᠯᠪᠠᠷᠢᠭᠳᠠᠬᠤᠢ᠃ ᠡᠩ ᠲᠠᠩᠬᠠᠢ ᠲᠥᠷᠦᠯᠬᠢᠲᠡᠨ ᠪᠣᠯᠪᠠᠰᠤ ᠯᠠᠨ᠃ ᠵᠡᠬᠡ ᠨᠢᠭᠦᠯᠡᠰᠦᠭᠴᠢ ᠬᠣᠮᠰᠢᠮ ᠪᠣᠳᠢᠰᠤᠩ ‍ᠢᠢ ᠪᠢᠰᠢᠯᠭᠠᠭᠳᠠᠬᠤᠢ ᠬᠡᠮᠡᠨ ᠨᠢᠭᠤᠷ ᠲᠠᠨᠢᠭᠤᠯ᠃ ᠲᠡᠷᠡ ᠮᠡᠲᠦ ᠨᠢᠭᠤᠷ ᠲᠠᠨᠢᠭᠤᠯᠤᠭᠰᠠᠨ ᠶ᠋ᠢᠠᠷ ᠵᠠᠭᠤᠷ ‍ᠠ᠋ ᠳ᠋ᠤ ᠶ᠋ᠢ᠅ ᠢᠯᠡᠲᠡ ᠡᠰᠡ ᠮᠡᠳᠡᠭᠰᠡᠳ ᠪᠡᠷ ᠮᠡᠳᠡᠬᠦᠢ ᠢᠨᠦ ᠰᠡᠰᠡᠭ ᠦᠭᠡᠢ ᠪᠣᠯᠤᠶᠤ᠃ ᠲᠡᠷᠡ ᠪᠡᠷ ᠠᠮᠢᠳᠤ ᠴᠠᠭ ᠲᠤᠷ᠃ ᠯᠠᠮ ‍ᠠ᠋ ᠶ᠋ᠢᠨ ᠨᠢᠭᠤᠷ ᠲᠠᠨᠢᠭᠤᠯᠬᠤᠢ ᠤᠪᠢᠳᠢᠨ ‍ᠢ ᠪᠡᠷ ᠪᠢᠰᠢᠯᠭᠠᠨ ᠡᠰᠡ ᠳᠠᠳᠤᠭᠰᠠᠳ ᠢᠨᠦ᠃ ᠥᠪᠡᠷ ᠶ᠋ᠢᠡᠨ ᠵᠠᠭᠤᠷ ‍ᠠ᠋ ᠳ᠋ᠤ ᠶ᠋ᠢ ᠢᠯᠡᠲᠡ ᠡᠰᠡ ᠪᠣᠳᠤᠷᠠᠭᠰᠠᠨ ‍ᠤ ᠲᠤᠯᠠ᠃ (13a)

ᠪᠯᠠᠮ ‍ᠠ᠋ ᠪᠠ ᠨᠥᠬᠦᠳ ᠠᠬ ‍ᠠ᠋ ᠳᠡᠭᠦ ᠨᠠᠷ ᠶ᠋ᠢᠠᠷ ᠲᠣᠳᠤᠷᠬᠠᠢ ‍ᠠ᠋ ᠮᠠᠭᠠᠳ ᠦᠢᠯᠡᠳᠬᠦᠢ ᠬᠡᠷᠡᠭ ᠲᠦ ᠪᠣᠯᠠᠢ᠃ ᠪᠠᠰᠠ ᠪᠢᠰᠢᠯᠭᠠᠯ ᠳᠠᠳᠤᠭᠰᠠᠨ ᠪᠣᠯᠪᠠᠰᠤ ᠪᠡᠷ ᠦᠬᠦᠬᠦᠢ ᠴᠠᠭ ᠲᠤᠷ᠃ ᠬᠠᠲᠠᠭᠤ ᠡᠪᠡᠴᠢᠨ ᠶ᠋ᠢᠡᠷ ᠡᠨᠳᠡᠭᠦᠷᠡᠵᠦ ᠪᠦᠷᠦᠨ ᠳᠤᠷᠠᠳᠬᠤᠢ ᠤᠬᠠᠭᠠᠨ ᠳᠦᠭᠦᠷᠢᠭᠰᠡᠨ ᠲᠤᠷ ᠪᠡᠷ ᠡᠨᠡ ᠤᠪᠢᠳᠢᠨ ‍ᠢ ᠶᠮᠠᠪᠠᠷᠴᠢᠯᠠᠨ ᠦᠢᠯᠡᠳᠬᠦᠢ ᠬᠡᠷᠡᠭ ᠪᠣᠯᠠᠢ᠃ ᠤᠷᠢᠳᠠ ᠮᠥᠷ ᠦ᠋ᠨ ᠳᠠᠳᠤᠮᠤᠬᠠᠢ ᠪᠢᠰᠢᠯᠭᠠᠯ ᠪᠣᠯᠪᠠᠰᠤ ᠪᠠᠷ᠃ ᠰᠠᠨᠸᠠᠷ ᠡᠪᠳᠡᠷᠡᠭᠰᠡᠨ ᠬᠢᠭᠡᠳ᠃ ᠰᠦᠨᠳᠦᠰᠦᠨ ᠲᠠᠨᠭᠠᠷᠢᠭ ᠡᠪᠳᠡᠷᠡᠵᠦ ᠪᠦᠷᠦᠨ᠃ ᠭᠤᠷᠪᠠᠨ ᠮᠠᠬᠤᠢ ᠵᠠᠶᠠᠭᠠᠨ ‍ᠠ᠋ ᠲᠥᠷᠦᠬᠦᠢ ᠢᠵᠠᠭᠤᠷ ᠲᠠᠨ ᠲᠤᠷ᠃ ᠡᠨᠡ ᠮᠠᠰᠢ ᠶᠡᠬᠡ ᠬᠡᠷᠡᠭ ᠲᠦ ᠡᠴᠡ ᠬᠡᠷᠡᠭ ᠲᠦ ᠪᠣᠯᠠᠢ᠃ ᠡᠩ ᠲᠡᠷᠢᠭᠦᠨ ᠵᠠᠭᠤᠷ ‍ᠠ᠋ ᠳ᠋ᠤ (14)

ᠳ᠋ᠤᠷ ᠪᠣᠳᠤᠷᠠᠪᠠᠰᠤ ᠮᠠᠰᠢ ᠰᠠᠢᠢᠨ᠃ ᠲᠡᠭᠦᠨ ᠳ᠋ᠤᠷ ᠡᠰᠡ ᠪᠣᠳᠤᠷᠠᠪᠠᠰᠤ ᠬᠣᠶᠠᠳᠤᠭᠠᠷ ᠵᠠᠭᠤᠷ ‍ᠠ᠋ ᠳ᠋ᠤ ᠶ᠋ᠢ ᠢᠯᠡᠲᠡ ᠲᠠᠨᠢᠭᠤᠯᠤᠭᠰᠠᠨ ᠶ᠋ᠢᠠᠷ ᠤᠬᠠᠭᠠᠨ ᠰᠡᠷᠢᠵᠤ ᠲᠣᠨᠢᠯᠬᠤ ᠪᠣᠯᠠᠢ᠃ ᠲᠡᠷᠡ ᠪᠡᠷ ᠬᠣᠶᠠᠳᠤᠭᠠᠷ ᠵᠠᠭᠤᠷ ‍ᠠ᠋ ᠳ᠋ᠤ ᠳ᠋ᠤᠷ ᠠᠷᠢᠯᠤᠭᠰᠠᠨ ᠶᠡᠯᠸᠢ ᠪᠡᠢ ‍ᠡ᠋ ᠬᠡᠮᠡᠭᠳᠡᠬᠦ ᠪᠣᠯᠠᠢ᠃ ᠦᠬᠦᠭᠰᠡᠨ ᠪᠤᠶᠤ ᠡᠰᠡ ᠦᠬᠦᠭᠰᠡᠨ ᠳ᠋ᠦ ᠢᠯᠡᠲᠡ ᠦᠯᠦ ᠮᠡᠳᠡᠬᠦᠢ ᠳ᠋ᠤᠷ ᠲᠣᠳᠤᠷᠬᠠᠢ ‍ᠠ᠋ ᠨᠢᠭᠡᠨ ᠮᠥᠷ ᠪᠣᠯᠬᠤ ᠶ᠋ᠢ ᠲᠡᠷᠡ ᠴᠠᠭ ᠲᠤᠷ ᠤᠪᠢᠳᠢᠨ ‍ᠢ ᠦᠵᠡᠭᠦᠯᠪᠡᠰᠦ ᠯᠡᠩ᠃ ᠨᠣᠮ ᠦ᠋ᠨ ᠴᠢᠨᠠᠷ ᠡᠬᠡ ᠬᠦᠪᠡᠭᠦᠨ ᠮᠡᠲᠦ ᠤᠴᠢᠷᠠᠯᠳᠤᠭᠰᠠᠨ ᠶ᠋ᠢᠠᠷ ᠵᠠᠶᠠᠭᠠᠨ ‍ᠤ ᠡᠷᠬᠡᠪᠡᠷ ᠰᠠᠨᠰᠠᠷ ᠳᠤᠷ ᠣᠷᠴᠢᠬᠤᠢ ᠦᠯᠦ ᠪᠣᠯᠤᠶᠤ᠃ ᠠᠳᠠᠯᠢᠳᠬᠠᠪᠠᠰᠤ ᠨᠠᠷᠠᠨ ‍ᠤ ᠭᠡᠷᠡᠯ ᠶ᠋ᠢᠡᠷ ᠬᠠᠩᠬᠤᠢ ᠶ᠋ᠢ (14a)

ᠳᠠᠷᠤᠬᠤᠢ ᠮᠡᠲᠦ ᠭᠡᠭᠡᠨ ᠭᠡᠷᠡᠯ ᠦ᠋ᠨ ᠦᠢᠯᠡᠨ ᠦ᠋ᠨ ᠬᠦᠴᠦᠨ ᠶ᠋ᠢᠡᠷ ᠳᠠᠷᠤᠵᠤ ᠲᠣᠨᠢᠯᠬᠤ ᠪᠣᠯᠤᠶᠤ᠃ ᠲᠡᠭᠦᠨ ‍ᠢ ᠪᠡᠷ ᠬᠣᠶᠠᠳᠤᠭᠠᠷ ᠵᠠᠭᠤᠷ ‍ᠠ᠋ ᠳ᠋ᠤ ᠬᠡᠮᠡᠭᠳᠡᠬᠦ ᠢᠨᠦ ᠲᠤᠷᠠ ‍ᠤ ᠪᠡᠢ ‍ᠡ᠋ ᠶ᠋ᠢᠨ ᠲᠤᠷ ‍ᠢ ᠮᠥᠷ ᠦ᠋ᠨ ᠶᠣᠰᠤᠨ ᠲᠥᠷᠦᠬᠦᠢ ᠪᠣᠯᠤᠶᠤ᠃ ᠰᠦᠨᠡᠰᠦᠨ ᠤᠷᠢᠳᠤ ᠮᠡᠲᠦ ᠠᠪᠢᠶᠠᠨ ᠦ᠋ᠨ ᠣᠮᠤᠭ ᠶ᠋ᠢᠠᠷ ᠣᠷᠴᠢᠬᠤᠢ ᠪᠣᠯᠤᠮᠤᠢ᠃ ᠲᠡᠷᠡ ᠴᠠᠭ ᠲᠤᠷ ᠡᠨᠡ ᠤᠪᠢᠳᠢᠨ ‍ᠢ ᠨᠣᠮᠯᠠᠪᠠᠰᠤ ᠲᠤᠰᠠ ᠪᠦᠲᠦᠬᠦ ᠪᠣᠯᠤᠶᠤ᠃ ᠡᠳᠦᠭᠡ ᠵᠠᠶᠠᠭᠠᠨ ‍ᠤ ᠡᠨᠳᠡᠭᠦᠷᠡᠬᠦᠢ ᠰᠡᠳᠬᠢᠯ ᠡᠰᠡ ᠲᠥᠷᠦᠭᠰᠡᠨ ᠶ᠋ᠢᠡᠷ᠃ ᠠᠯᠢᠮᠠᠳ ᠲᠤᠷ ᠪᠠᠷ ᠵᠣᠬᠢᠨ ᠶ᠋ᠢᠠᠷ ᠪᠣᠯᠬᠤ ᠪᠣᠯᠤᠶᠤ᠃ ᠲᠡᠷᠡ ᠮᠡᠲᠦ ᠰᠢᠲᠦᠭᠡᠨ ᠭᠡᠭᠡᠨ ᠭᠡᠷᠡᠯ ᠦ᠋ᠨ ᠨᠢᠭᠤᠷ ᠡᠰᠡ ᠲᠠᠨᠢᠪᠠᠰᠤ ᠪᠡᠷ᠃ ᠬᠣᠶᠠᠳᠤᠭᠠᠷ ᠵᠠᠭᠤᠷ ‍ᠠ᠋ ᠳ᠋ᠤ ᠶ᠋ᠢᠨ ᠭᠡᠭᠡᠨ ᠭᠡᠷᠡᠯ ᠦ᠋ᠨ ᠨᠢᠭᠤᠷ ᠲᠠᠨᠢᠭᠠᠳ ᠲᠣᠨᠢᠯᠬᠤ ᠪᠣᠯᠤᠶᠤ᠃ (15)

ᠲᠡᠭᠦᠪᠡᠷ ᠡᠰᠡ ᠲᠣᠨᠢᠯᠪᠠᠰᠤ ᠯᠠᠨ᠃ ᠲᠡᠨᠳᠡᠴᠡ ᠭᠤᠲᠠᠭᠠᠷ ᠵᠠᠭᠤᠷ ‍ᠠ᠋ ᠳ᠋ᠤ ᠬᠡᠮᠡᠭᠳᠡᠬᠦ᠃ ᠨᠣᠮ ᠦ᠋ᠨ ᠴᠢᠨᠠᠷᠤᠨ ᠵᠠᠭᠤᠷ ‍ᠠ᠋ ᠳ᠋ᠤ ᠲᠥᠷᠦᠬᠦ ᠪᠣᠯᠤᠶᠤ᠃ ᠭᠤᠲᠠᠭᠠᠷ ᠵᠠᠭᠤᠷ ‍ᠠ᠋ ᠳ᠋ᠤ ᠶ᠋ᠢᠨ ᠵᠠᠶᠠᠭᠠᠨ ‍ᠤ ᠡᠨᠳᠡᠭᠦᠷᠡᠯ ᠲᠥᠷᠦᠵᠦ ᠢᠷᠡᠬᠦᠢᠢᠨ ᠲᠤᠯᠠ᠃ ᠡᠨᠡ ᠴᠠᠭ ᠲᠤᠷ ᠨᠣᠮ ‍ᠤᠨ ᠴᠢᠨᠠᠷ ‍ᠤᠨ ᠵᠠᠭᠤᠷ ‍ᠠ᠋ ‍ᠳᠤ ᠶ᠋ᠢ ᠶᠡᠬᠡᠳᠡ ᠨᠢᠭᠤᠷ ᠲᠠᠨᠢᠭᠤᠯᠬᠤᠢ ᠤᠷᠢᠭᠳᠠᠬᠤᠢ ᠶᠡᠬᠡ ᠬᠡᠷᠡᠭ ᠲᠦ ᠪᠤᠢ ᠬᠦᠴᠦᠨ ᠬᠢᠭᠡᠳ᠃ ᠠᠴᠢ ᠲᠤᠰᠠ ᠢᠨᠦ ᠮᠠᠰᠢ ᠶᠡᠬᠡ ᠪᠣᠯᠤᠶᠤ᠃ ᠲᠡᠷᠡ ᠴᠠᠭ ᠲᠤᠷ ᠦᠷᠢ ᠰᠠᠳᠤᠨ ‍ᠤ ᠤᠬᠢᠯᠠᠬᠤᠢ ᠳᠠᠭᠤᠨ ᠬᠢᠭᠡᠳ᠃ ᠡᠨᠡᠯᠬᠦᠢ ᠰᠢᠨᠠᠯᠬᠤᠢ ᠳᠠᠭᠤᠨ ᠭᠠᠷᠠᠮᠤᠢ᠃ ᠢᠳᠡᠬᠦᠢ ᠢᠳᠡᠭᠡᠨ ‍ᠦ ᠬᠤᠪᠢ ᠲᠠᠰᠤᠷᠠᠭᠠᠳ᠃ ᠡᠮᠦᠰᠬᠦᠢ ᠬᠤᠪᠴᠠᠰᠤᠨ ᠣᠷᠤᠨ ᠲᠠᠪᠢᠨ ᠭᠡᠷ ᠬᠤᠷᠢᠶᠠᠭᠰᠠᠨ ᠳ᠋ᠤᠷ᠃ (15a)

ᠥᠪᠡᠷ ᠶ᠋ᠢᠡᠨ ᠦᠷᠢ ᠰᠠᠳᠤᠨ ᠬᠢᠭᠡᠳ ᠠᠮᠠᠷᠠᠭ ᠨᠥᠬᠦᠳ ᠶ᠋ᠢᠡᠨ ᠦᠵᠡᠪᠡᠰᠦ ᠪᠡᠷ᠃ ᠲᠡᠨᠳᠡ ᠲᠡᠭᠦᠨᠢ ᠦᠯᠦ ᠦᠵᠡᠮᠦᠢ᠃ ᠲᠡᠳᠡᠨ ‍ᠦ ᠳᠠᠭᠤᠳᠠᠭᠰᠠᠨ ᠳᠠᠭᠤᠨ ‍ᠢ ᠲᠡᠷᠡ ᠰᠣᠨᠤᠰᠪᠠᠰᠤ ᠪᠡᠷ᠃ ᠲᠡᠭᠦᠨ ‍ᠦ ᠳᠠᠭᠤᠳᠠᠭᠰᠠᠨ ᠳᠠᠭᠤᠨ ‍ᠢ ᠡᠰᠡ ᠰᠣᠨᠤᠰᠤᠭᠰᠠᠨ ‍ᠤ ᠲᠤᠯᠠ ᠰᠡᠳᠬᠢᠯ ᠢᠨᠦ ᠦᠯᠦ ᠪᠠᠶᠠᠰᠤᠨ ᠭᠠᠰᠠᠯᠤᠭᠠᠳ ᠶᠠᠪᠤᠬᠤᠢ ᠴᠠᠭ ᠲᠤᠷ᠃ ᠳᠠᠭᠤᠨ ᠥᠩᠭᠡ ᠭᠡᠷᠡᠯ ᠭᠤᠲᠠᠭᠠᠷ ᠦ᠋ᠨ ᠪᠣᠳᠠ ᠲᠥᠷᠦᠮᠦᠢ ᠠᠶᠤᠬᠤᠢ ᠡᠮᠢᠶᠡᠬᠦᠢ ᠵᠦᠳᠡᠬᠦᠢ ᠭᠤᠲᠠᠭᠠᠷ ‍ᠢ ᠡᠰᠡ ᠰᠣᠨᠤᠰᠠᠭᠰᠠᠨ ‍ᠦ ᠲᠤᠯᠠ᠃ ᠨᠣᠮ ᠦ᠋ᠨ ᠴᠢᠨᠠᠷ ᠦ᠋ᠨ ᠵᠠᠭᠤᠷ ‍ᠠ᠋ ᠶ᠋ᠢ ᠡᠨᠡ ᠴᠠᠭ ᠳᠤᠷ ᠶᠡᠬᠡᠳᠡ ᠨᠢᠭᠤᠷ ᠲᠠᠨᠢᠭᠤᠯ ᠦ᠋ᠨ ᠦᠢᠯᠡᠳᠬᠦ ᠪᠣᠯᠤᠶᠤ᠅ ᠨᠥᠭᠴᠢᠭᠰᠡᠨ ᠬᠦᠮᠦᠨ ‍ᠦ ᠨᠡᠷᠡ ᠪᠠᠷ ᠳᠠᠭᠤᠳᠠᠭᠠᠳ᠃ ᠲᠣᠳᠤᠷᠬᠠᠢ ᠳᠠᠭᠤᠨ ᠶ᠋ᠢᠠᠷ ᠢᠢᠨ ᠬᠡᠮᠡᠨ ᠥᠭᠦᠯᠡᠭᠳᠡᠬᠦᠢ᠃ ᠠᠢ (16)

ᠢᠵᠠᠭᠤᠷ ᠲᠠᠨᠤ ᠬᠦᠪᠡᠭᠦᠨ ᠦᠯᠦ ᠠᠯᠭᠠᠰᠠᠨ ᠴᠢᠩ ᠪᠠᠲᠤ ᠪᠢᠰᠢᠯᠭᠠᠯ ᠶ᠋ᠢᠠᠷ ᠰᠣᠨᠤᠰᠳᠠᠬᠤᠢ᠅ ᠵᠠᠭᠤᠷ ‍ᠠ᠋ ᠳ᠋ᠤ ᠬᠡᠮᠡᠪᠡᠰᠦ ᠵᠢᠷᠭᠤᠭᠠᠨ ᠵᠦᠢᠯ ᠪᠦᠯᠦᠭᠡ᠃ ᠠᠯᠢ ᠪᠤᠢ ᠬᠡᠮᠡᠪᠡᠰᠦ᠃ ᠮᠥᠨ ᠴᠢᠨᠠᠷ ᠦ᠋ᠨ ᠲᠥᠷᠦᠯ ᠣᠷᠤᠨ ‍ᠤ ᠵᠠᠭᠤᠷᠠᠳᠤ ᠬᠢᠭᠡᠳ᠃ ᠵᠡᠭᠦᠳᠡᠨ ‍ᠦ ᠵᠠᠭᠤᠷ ‍ᠠ᠋ ᠳ᠋ᠤ ᠪᠠ᠃ ᠰᠠᠮᠠᠳᠢ ᠳᠢᠶᠠᠨ ‍ᠤ ᠵᠠᠭᠤᠷ ‍ᠠ᠋ ᠳ᠋ᠤ ᠬᠢᠭᠡᠳ᠃ ᠦᠬᠦᠯ ᠦ᠋ᠨ ᠵᠠᠭᠤᠷ ‍ᠠ᠋ ᠳ᠋ᠤ ᠪᠠ᠃ ᠨᠣᠮ ᠦ᠋ᠨ ᠴᠢᠨᠠᠷ ᠦ᠋ᠨ ᠵᠠᠭᠤᠷ ‍ᠠ᠋ ᠳ᠋ᠤ ᠬᠢᠭᠡᠳ᠃ ᠶᠣᠰᠤᠭᠠᠷ ᠪᠣᠯᠤᠭᠰᠠᠨ ᠰᠠᠨᠰᠠᠷ ᠦ᠋ᠨ ᠵᠠᠭᠤᠷ ‍ᠠ᠋ ᠳ᠋ᠤ ᠯᠤᠭ᠎ ‍ᠠ᠋ ᠵᠢᠷᠭᠤᠭᠠᠨ ᠪᠤᠶᠤ᠅ ᠢᠵᠠᠭᠤᠷ ᠲᠠᠨ ‍ᠤ ᠬᠦᠪᠡᠭᠦᠨ ᠴᠢᠮᠠᠳᠤᠷ ᠵᠠᠭᠤᠷ ‍ᠠ᠋ ᠳ᠋ᠤ ᠢᠨᠦ ᠭᠤᠲᠠᠭᠠᠷ ᠪᠣᠯᠤᠮᠤᠢ᠃ ᠦᠬᠦᠯ ᠦ᠋ᠨ ᠵᠠᠭᠤᠷ ‍ᠠ᠋ ᠳ᠋ᠤ ᠬᠢᠭᠡᠳ ᠨᠣᠮ ᠦ᠋ᠨ ᠴᠢᠨᠠᠷ ᠦ᠋ᠨ ᠵᠠᠭᠤᠷ ‍ᠠ᠋ ᠳ᠋ᠤ ᠪᠠ᠃ ᠰᠠᠨᠰᠠᠷ ᠦ᠋ᠨ ᠵᠠᠭᠤᠷ ‍ᠠ᠋ ᠳ᠋ᠤ ᠯᠤᠭ᠎ ‍ᠠ᠋ ᠭᠤᠲᠠᠭᠠᠷ (16a)

ᠲᠥᠷᠦᠭᠰᠡᠨ ᠶ᠋ᠢᠡᠷ ᠤᠷᠢᠳᠤ ᠡᠳᠦᠷ ᠡᠴᠡ ᠴᠢᠨᠠᠭᠰᠢ ᠦᠬᠦᠯ ‍ᠦᠨ ᠵᠠᠭᠤᠷ ‍ᠠ᠋ ᠳ᠋ᠤ ᠳ᠋ᠤᠷ ᠨᠣᠮ ᠦ᠋ᠨ ᠴᠢᠨᠠᠷ ᠦ᠋ᠨ ᠭᠡᠭᠡᠨ ᠭᠡᠷᠡᠯ ᠲᠥᠷᠦᠪᠡᠰᠦ ᠪᠡᠷ᠃ ᠴᠢ ᠪᠡᠷ ᠢᠯᠡᠲᠡ ᠡᠰᠡ ᠮᠡᠳᠡᠭᠰᠡᠨ ‍ᠦ ᠲᠤᠯᠠ᠃ ᠡ᠊ᠨᠳᠡ ᠢᠯᠠᠩᠭᠤᠢ ‍ᠠ᠋ ᠲᠥᠭᠡᠷᠢᠯ ᠪᠣᠯᠤᠭᠰᠠᠨ ᠲᠡᠷᠡ ᠪᠣᠯᠤᠶᠤ᠃ ᠡᠳᠦᠭᠡ ᠬᠡᠮᠡᠪᠡᠰᠦ ᠴᠢᠮᠠ ᠳ᠋ᠤᠷ ᠨᠣᠮ ᠦ᠋ᠨ ᠴᠢᠨᠠᠷ ᠦ᠋ᠨ ᠵᠠᠭᠤᠷ ‍ᠠ᠋ ᠳ᠋ᠤ᠃ ᠰᠠᠨᠰᠠᠷ ᠦ᠋ᠨ ᠵᠠᠭᠤᠷ ‍ᠠ᠋ ᠳ᠋ᠤ ᠬᠣᠶᠠᠷ ᠪᠣᠯᠤᠮᠤᠢ᠃ ᠮᠢᠨᠦ ᠨᠢᠭᠤᠷ ᠲᠠᠨᠢᠭᠤᠯᠤᠭᠰᠠᠨ ᠶ᠋ᠢᠠᠷ ᠴᠢ ᠥᠪᠡᠷ ᠶ᠋ᠢᠡᠨ ᠦᠯᠦ ᠠᠯᠭᠠᠰᠠᠨ ᠰᠡᠳᠬᠢᠯ ᠳ᠋ᠤᠷ ᠶ᠋ᠢᠡᠨ ᠪᠠᠷᠢᠭᠳᠠᠬᠤᠢ᠅ ᠠᠢ ᠢᠵᠠᠭᠤᠷ ᠲᠠᠨᠤ ᠬᠦᠪᠡᠭᠦᠨ ᠦᠬᠦᠪᠡ ᠬᠡᠮᠡᠭᠴᠢ ᠡᠳᠦᠭᠡ ᠲᠡᠷᠡ ᠴᠢᠮᠠᠳᠤᠷ ᠬᠦᠷᠴᠦ ᠢᠷᠡᠭᠰᠡᠨ ᠠᠵᠤ᠃ ᠡᠨᠡ ᠶᠢᠷᠲᠢᠨᠴᠦ ᠡᠴᠡ ᠨᠥᠭᠴᠢᠵᠤ ᠣᠳᠤᠬᠤᠢ ᠴᠢ ᠭᠠᠭᠴᠠᠭᠠᠷ ᠪᠤᠰᠤ ᠣᠯᠠᠨ (17)

ᠶ᠋ᠢᠠᠷ ᠴᠢᠨᠦ ᠮᠡᠲᠦ ᠪᠣᠯᠬᠤ ᠶ᠋ᠢᠨ ᠲᠤᠯᠠ᠃ ᠡᠨᠡ ᠵᠠᠶᠠᠭᠠᠨ ᠳ᠋ᠤᠷ ᠲᠠᠴᠢᠶᠠᠬᠤᠢ ᠬᠢᠭᠡᠳ ᠰᠢᠨᠤᠬᠠᠢᠢᠷᠠᠬᠤᠢ ᠦᠯᠦ ᠦᠢᠯᠡᠳᠳᠠᠬᠦᠢ᠃ ᠲᠠᠴᠢᠶᠠᠬᠤᠢ ᠬᠢᠭᠡᠳ ᠰᠢᠨᠤᠬᠠᠢᠢᠷᠠᠬᠤᠢ ᠪᠣᠯᠪᠠᠰᠤ ᠪᠡᠷ ᠰᠠᠭᠤᠬᠤᠢ ᠡᠷᠬᠡ ᠨᠢᠭᠡᠬᠡᠨ ᠪᠡᠷ ᠦᠭᠡᠢ᠃ ᠴᠢ ᠥᠪᠡᠷ ᠶ᠋ᠢᠡᠨ ᠣᠷᠴᠢᠯᠠᠩ ᠳ᠋ᠤᠷ ᠲᠥᠭᠡᠷᠢᠭᠰᠡᠨ ᠦᠢᠯᠡ ᠡᠴᠡ ᠪᠤᠰᠤ ᠶᠠᠭᠤᠨ ᠪᠣᠯᠬᠤ ᠦᠯᠦ ᠰᠢᠨᠤᠬᠠᠢᠢᠷᠠᠨ ᠭᠤᠷᠪᠠᠨ ᠡᠷᠳᠡᠨᠢ ᠶ᠋ᠢ ᠰᠡᠳᠬᠢᠭᠳᠡᠬᠦᠢ᠅ ᠠᠢ ᠢᠵᠠᠭᠤᠷ ᠲᠠᠨᠤ ᠬᠦᠪᠡᠭᠦᠨ ᠨᠣᠮ ᠦ᠋ᠨ ᠴᠢᠨᠠᠷ ᠦ᠋ᠨ ᠵᠠᠭᠤᠷ ‍ᠠ᠋ ᠳ᠋ᠤ ᠶ᠋ᠢᠨ᠃ ᠥᠩᠭᠡ ᠳᠦᠷᠢᠨ ᠠᠶᠤᠬᠤᠢ ᠵᠦᠳᠡᠬᠦᠢ ᠶᠠᠮᠪᠠᠷᠴᠢᠯᠠᠨ ᠲᠥᠷᠦᠵᠦ ᠢᠷᠡᠪᠡᠰᠦ ᠪᠡᠷ᠃ ᠴᠢ ᠥᠪᠡᠰᠦᠪᠡᠨ ᠡᠳᠡᠭᠡᠷ ᠠᠶᠠᠯᠭᠤᠨ ‍ᠢ ᠦᠯᠦ ᠤᠮᠤᠷᠲᠠᠨ ᠰᠡᠳᠬᠢᠭᠡᠳ᠃ ᠠᠶᠠᠯᠭᠤᠨ ᠦ᠋ᠨ (17a)

ᠤᠳᠬ ‍ᠠ᠋ ᠶ᠋ᠢ ᠰᠡᠳᠬᠢᠯ ᠳ᠋ᠡᠭᠡᠨ ᠳᠤᠷᠠᠳᠤᠭᠰᠠᠨ ᠶᠣᠰᠤᠭᠠᠷ ᠶᠠᠪᠤᠭᠳᠠᠬᠤᠢ᠃ ᠲᠡᠷᠡ ᠨᠢᠭᠤᠷ ᠲᠠᠨᠢᠭᠤᠯᠬᠤ ᠶ᠋ᠢᠨ ᠣᠨᠢᠰᠤᠨ ᠪᠤᠶᠤ᠃ ᠠᠶ ‍ᠠ᠋ ᠥᠪᠡᠷ ᠳ᠋ᠤᠷ ᠨᠣᠮ ᠦ᠋ᠨ ᠴᠢᠨᠠᠷ ᠦ᠋ᠨ ᠵᠠᠭᠤᠷ ‍ᠠ᠋ ᠳ᠋ᠤ ᠲᠥᠷᠦᠬᠦᠢ ᠡᠨᠡ ᠴᠠᠭ ᠲᠤᠷ ᠬᠣᠲᠤᠯᠠ ᠳ᠋ᠤᠷ ᠠᠶᠤᠬᠤᠢ ᠵᠦᠳᠡᠬᠦᠢ ᠪᠤᠳᠠᠨ ‍ᠢ ᠲᠡᠪᠴᠢᠵᠦ ᠪᠦᠷᠦᠨ᠃ ᠠᠯᠢᠪᠠ ᠦᠵᠡᠭᠳᠡᠬᠦᠢ ᠥᠪᠡᠰᠦᠪᠡᠨ ᠲᠥᠷᠦᠭᠰᠡᠨ ᠤᠬᠠᠭᠠᠨ ‍ᠢ ᠢᠯᠡᠲᠡ ᠮᠡᠳᠡᠭᠳᠡᠬᠦᠢ᠃ ᠵᠠᠭᠤᠷ ‍ᠠ᠋ ᠳ᠋ᠤ ᠶ᠋ᠢᠨ ᠦᠵᠡᠭᠳᠡᠬᠦᠢ ᠶᠣᠰᠤᠨ ᠪᠥᠯᠦᠭᠡ ᠬᠡᠮᠡᠨ ᠮᠡᠳᠡᠭᠳᠡᠬᠦᠢ᠃ ᠶᠡᠬᠡ ᠤᠳᠬ ‍ᠠ᠋ ᠳ᠋ᠤᠷ ᠲᠦᠢᠳᠳᠡᠬᠦᠢ ᠡᠨᠡ ᠴᠠᠭ ᠲᠤᠷ᠃ ᠥᠪᠡᠷ ‍ᠦᠨ ᠰᠡᠳᠬᠢᠯᠦᠨ ᠴᠢᠨᠠᠷ ᠠᠮᠤᠷᠯᠢᠩᠭᠤᠢ ᠬᠢᠯᠢᠩ ᠲᠡᠨᠦ ᠴᠢᠭᠤᠯᠭᠠᠨ ᠡᠴᠡ ᠦᠯᠦ ᠠᠶᠤᠭᠳᠠᠬᠤᠢ᠃ ᠲᠡᠢᠢᠨ ᠬᠡᠮᠡᠨ ᠥᠭᠦᠯᠡᠵᠦ ᠢᠯᠡᠲᠡ ᠨᠣᠮᠯᠠᠭᠰᠠᠨ᠃ ᠲᠡᠷᠡ ᠤᠳᠬ ‍ᠠ᠋ ᠶ᠋ᠢ (18)

ᠳᠤᠷᠠᠳᠤᠭᠰᠠᠨ ᠶᠣᠰᠤᠭᠠᠷ ᠶᠠᠪᠤᠭᠳᠠᠬᠤᠢ᠃ ᠲᠡᠨᠳᠡ ᠠᠶᠤᠬᠤᠢ ᠡᠮᠢᠶᠡᠬᠦᠢ ᠰᠡᠳᠬᠢᠯ ᠶᠠᠭᠤᠬᠠᠨ ᠪᠡᠷ ᠲᠥᠷᠦᠪᠡᠰᠦ᠃ ᠥᠪᠡᠷ ᠦ᠋ᠨ ᠰᠡᠳᠬᠢᠯ ᠮᠠᠭᠠᠳ ᠢᠯᠡᠲᠡ ᠲᠠᠨᠢᠭᠤᠯᠬᠤᠢ ᠣᠨᠢᠰᠤᠨ ᠪᠤᠢ ᠶ᠋ᠢᠨ ᠲᠤᠯᠠ ᠦᠯᠦ ᠤᠮᠤᠷᠳᠠᠬᠤᠢ᠅ ᠠᠢ ᠢᠵᠠᠭᠤᠷ ᠲᠠᠨᠤ ᠬᠦᠪᠡᠭᠦᠨ ᠴᠢᠨᠦ ᠪᠡᠶ ‍ᠡ᠋ ᠡᠴᠡ ᠰᠡᠳᠬᠢᠯ ᠬᠠᠭᠠᠴᠠᠭᠰᠠᠨ ᠴᠠᠭ ᠲᠤᠷ᠃ ᠠᠷᠢᠯᠤᠭᠰᠠᠨ ᠨᠣᠮ ᠦ᠋ᠨ ᠴᠢᠨᠠᠷ ᠦ᠋ᠨ ᠥᠩᠭᠡ ᠨᠠᠷᠢᠨ ᠲᠤᠨᠤᠮᠠᠯ ᠬᠤᠷᠴᠠ ᠭᠢᠯᠪᠢᠬᠨᠠᠭᠰᠠᠨ ᠮᠥᠨ ᠴᠢᠨᠠᠷ ᠢᠨᠦ᠃ ᠡᠷᠢᠪᠯᠡᠵᠡᠨ ᠳᠣᠳᠤᠷᠬᠠᠢ ‍ᠠ᠋ ᠠᠶᠤᠭᠤᠮᠰᠢᠭ ᠲᠤ ᠬᠠᠪᠠᠷ ᠦ᠋ᠨ ᠲᠠᠯᠠ ᠳᠠᠬᠢ ᠵᠡᠷᠭᠡᠯᠭᠡᠨ ᠡᠷᠢᠪᠯᠡᠵᠡᠨ ᠺᠦᠢᠬᠦ ᠮᠡᠲᠦ ᠲᠥᠷᠦᠵᠦ ᠢᠷᠡᠬᠦ ᠪᠣᠯᠤᠶᠤ᠃ ᠲᠡᠭᠦᠨ ᠡᠴᠡ ᠦᠯᠦ ᠠᠶᠤᠭᠳᠠᠬᠤᠢ ᠦᠯᠦ ᠵᠦᠳᠡᠭᠳᠡᠬᠦᠢ᠃ ᠦᠯᠦ (18a)

ᠰᠣᠴᠢᠭᠳᠠᠬᠤᠢ᠃ ᠲᠡᠷᠡ ᠬᠡᠮᠡᠪᠡᠰᠦ ᠴᠢᠨᠦᠬᠢ ᠶ᠋ᠢᠨ ᠨᠣᠮ ᠦ᠋ᠨ ᠴᠢᠨᠠᠷ ᠦ᠋ᠨ ᠥᠪᠡᠷ ᠦ᠋ᠨ ᠥᠩᠭᠡ ᠮᠥᠨ ᠪᠤᠶᠤ ᠢᠯᠡᠲᠡ ᠮᠡᠳᠡᠭᠳᠡᠬᠦᠢ᠃ ᠭᠡᠷᠡᠯ ᠦ᠋ᠨ ᠳᠣᠲᠤᠷᠠ ᠡᠴᠡ ᠨᠣᠮ ᠦ᠋ᠨ ᠴᠢᠨᠠᠷ ᠦ᠋ᠨ ᠥᠪᠡᠷ ᠦ᠋ᠨ ᠳᠠᠭᠤᠨ ᠳᠠᠭᠤᠷᠢᠰᠬᠤᠢ᠃ ᠡᠨᠡ ᠶᠡᠬᠡ ᠯᠤᠤ ᠶ᠋ᠢᠨ ᠳᠠᠭᠤᠨ ᠬᠦᠷᠬᠢᠷᠡᠬᠦᠢ ᠮᠡᠲᠦ ᠨᠢᠭᠡᠨ ᠢᠷᠡᠬᠦ ᠪᠣᠯᠤᠶᠤ᠃ ᠲᠡᠷᠡ ᠪᠡᠷ ᠴᠢᠨᠦᠬᠢ ᠶ᠋ᠢᠨ ᠨᠣᠮ ᠦ᠋ᠨ ᠴᠢᠨᠠᠷ ᠦ᠋ᠨ ᠴᠢᠨᠦ ᠥᠪᠡᠷ ᠦ᠋ᠨ ᠳᠠᠭᠤᠨ ᠮᠥᠨ ‍ᠦ ᠲᠤᠯᠠ ᠲᠡᠭᠠᠶᠤᠮᠤᠢ ᠳᠠᠭᠤᠨ ᠳ᠋ᠤᠷ ᠰᠣᠴᠢᠮᠤᠢᠦᠨ ᠡᠴᠡ ᠦᠯᠦ ᠠᠶᠤᠭᠳᠠᠬᠤᠢ᠃ ᠦᠯᠦ ᠵᠦᠳᠡᠭᠳᠡᠬᠦᠢ᠃ ᠦᠯᠦ ᠰᠣᠴᠢᠳᠠᠬᠤᠢ᠃ ᠴᠢᠮᠠᠳᠤᠷ ᠠᠪᠢᠶᠠᠨ ᠰᠡᠳᠬᠢᠯ ᠦ᠋ᠨ ᠪᠡᠶ ‍ᠡ᠋ ᠬᠡᠮᠡᠭᠳᠡᠬᠦᠢ ᠨᠢᠭᠡᠨ ᠪᠤᠶᠤ᠃ ᠮᠢᠬ ‍ᠠ᠋ ᠴᠢᠰᠤᠨ ᠶ᠋ᠢᠠᠷ ᠪᠦᠲᠦᠭᠰᠡᠨ ᠪᠡᠶ ‍ᠡ᠋ ᠢᠨᠦ ᠦᠭᠡᠢ ᠶ᠋ᠢᠨ ᠲᠤᠯᠠ ᠳᠠᠭᠤᠨ ᠥᠩᠭᠡ ᠭᠡᠷᠡᠯ ᠭᠤᠲᠠᠭᠠᠷ ᠠᠯᠢ ᠪᠤᠢ ᠪᠣᠯᠪᠠᠰᠤ ᠪᠡᠷ ᠴᠢᠮᠠᠳᠤᠷ ᠬᠣᠣᠷ ᠦᠯᠦ ᠪᠣᠯᠤᠶᠤ᠃ (19)

ᠴᠢᠮᠠᠳᠤᠷ ᠦᠬᠦᠬᠦ ᠶ᠋ᠢᠨ ᠰᠢᠯᠲᠠᠭᠠᠨ ᠦᠭᠡᠢ ᠪᠤᠶᠤ ᠴᠢ ᠥᠪᠡᠷ ᠶ᠋ᠢᠡᠨ ᠥᠪᠡᠰᠦᠪᠡᠨ ᠬᠦ ᠰᠡᠳᠬᠢᠯ ᠦ᠋ᠨ ᠥᠩᠭᠡ ᠶ᠋ᠢ ᠢᠯᠡᠲᠡ ᠲᠠᠨᠢᠪᠠᠰᠤ ᠲᠠᠬᠢᠤᠨ ᠪᠣᠯᠠᠢ᠃ ᠵᠠᠭᠤᠷ ‍ᠠ᠋ ᠳ᠋ᠤ ᠮᠥᠨ ᠪᠤᠶᠤ ᠬᠡᠮᠡᠨ ᠢᠯᠡᠲᠡ ᠮᠡᠳᠡᠨ ᠰᠡᠳᠬᠢᠭᠳᠡᠬᠦᠢ᠅ ᠠᠢ ᠢᠵᠠᠭᠤᠷ ᠲᠠᠨᠤ ᠬᠦᠪᠡᠭᠦᠨ ᠡᠳᠦᠭᠡ ᠥᠪᠡᠷ ᠦ᠋ᠨ ᠰᠡᠳᠬᠢᠯ ‍ᠢ ᠢᠯᠡᠲᠡ ᠡᠰᠡ ᠮᠡᠳᠡᠪᠡᠰᠦ ᠯᠡᠨ᠃ ᠬᠦᠮᠦᠨ ‍ᠦ ᠣᠷᠤᠨ ᠳ᠋ᠤᠷ ᠪᠢᠰᠢᠯᠭᠠᠬᠤᠢ ᠪᠦᠲᠦᠭᠡᠬᠦᠢ ᠶᠠᠮᠪᠠᠷᠴᠢᠯᠠᠨ ᠦᠢᠯᠡᠳᠪᠡᠰᠦ ᠪᠡᠷ᠃ ᠡᠳᠦᠭᠡ ᠶ᠋ᠢᠨ ᠤᠪᠢᠳᠢᠨ ᠯᠤᠭ᠎ ‍ᠠ᠋ ᠡᠰᠡ ᠤᠴᠨᠷᠠᠪᠠᠰᠤ ᠭᠡᠭᠡᠨ ᠭᠡᠷᠡᠯ ᠶ᠋ᠢᠡᠷ ᠠᠶᠤᠮᠤᠢ ᠳᠠᠭᠤᠨ ᠳ᠋ᠤᠷ ᠰᠣᠴᠢᠮᠤᠢ᠃ ᠥᠩᠭᠡ ᠳ᠋ᠤᠷ ᠵᠦᠳᠡᠮᠦᠢ᠃ ᠤᠪᠢᠳᠢᠨ ᠦ᠋ᠨ ᠡᠨᠡ ᠣᠨᠢᠰᠤᠨ ‍ᠢ ᠡᠰᠡ ᠮᠡᠳᠡᠪᠡᠰᠦ ᠯᠡᠨ᠃ ᠥᠩᠭᠡ ᠭᠡᠷᠡᠯ ᠳᠠᠭᠤᠨ ᠭᠤᠲᠠᠭᠠᠷ ‍ᠢ ᠢᠯᠡᠲᠡ ᠡᠰᠡ ᠮᠡᠳᠡᠭᠰᠡᠨ ᠶ᠋ᠢᠡᠷ (19a)

ᠣᠷᠴᠢᠯᠠᠩ ᠳ᠋ᠤᠷ ᠲᠥᠭᠦᠷᠢᠪᠡᠢ ᠶ᠋ᠢ᠃ ᠠᠢ ᠢᠵᠠᠭᠤᠷ ᠲᠠᠨᠤ ᠬᠦᠪᠡᠭᠦᠨ ᠨᠢᠭᠡᠨ ᠬᠣᠨᠤᠭ ᠦ᠋ᠨ ᠵᠠᠷᠢᠮ ᠯᠤᠭ᠎ ‍ᠠ᠋ ᠳᠥᠷᠪᠡᠨ ᠬᠣᠨᠤᠭ ᠬᠦᠷᠲᠡᠯᠡ ᠨᠦᠭᠦᠳ ᠬᠦᠴᠦ ᠶᠠᠪᠤᠭᠰᠠᠨ ᠪᠤᠢ᠃ ᠦᠬᠦᠳᠬᠦᠭᠰᠡᠨ ᠡᠴᠡ ᠰᠡᠷᠢᠭᠡᠳ ᠨᠢᠮ ‍ᠠ᠋ ᠳ᠋ᠤᠷ ᠶᠠᠭᠤᠨ ᠠᠬᠤ ᠬᠡᠮᠡᠨ ᠰᠡᠳᠬᠢᠬᠦᠢ ᠰᠡᠳᠬᠢᠯ ᠪᠣᠯᠤᠮᠤᠢ᠃ ᠴᠢ ᠪᠡᠷ ᠢᠯᠡᠲᠡ ᠮᠡᠳᠡᠭᠳᠡᠬᠦᠢ᠃ ᠲᠡᠷᠡ ᠴᠠᠭ ᠲᠤᠷ ᠣᠷᠴᠢᠯᠠᠩ ᠦ᠋ᠨ ᠶᠣᠰᠤᠨ ᠪᠤᠷᠤᠭᠤᠳᠴᠤ᠃ ᠬᠠᠮᠤᠭ ᠥᠩᠭᠡ ᠭᠡᠷᠡᠯ ᠬᠢᠭᠡᠳ ᠪᠡᠢ ‍ᠡ᠋ ᠲᠥᠷᠦᠬᠦ ᠪᠣᠯᠤᠮᠤᠢ᠃ ᠬᠠᠮᠤᠭ ᠣᠭᠲᠠᠷᠭᠤᠢ ᠲᠠᠨ ᠥᠩᠭᠡ ᠭᠡᠷᠡᠯ ᠶ᠋ᠢᠡᠷ ᠳᠦᠭᠦᠷᠬᠦ ᠪᠣᠯᠤᠮᠤᠢ᠃ ᠲᠡᠷᠡ ᠴᠠᠭ ᠲᠤᠷ ᠳ᠋ᠤᠮᠳᠠᠳᠤ ᠵᠦᠭ ᠦ᠋ᠨ ᠳᠤᠰᠤᠯ ᠨᠡᠪᠴᠢᠷᠡᠭᠰᠡᠨ ᠣᠷᠤᠨ ᠡᠴᠡ᠃ ᠢᠯᠠᠵᠤ ᠲᠡᠭᠦᠰ ᠨᠥᠭᠴᠢᠭᠰᠡᠨ ᠸᠢᠷᠤᠵᠠᠨ᠎ ‍ᠠ᠋ ᠪᠤᠷᠬᠠᠨ ᠴᠠᠭᠠᠨ ᠥᠩᠭᠡ ᠲᠦ ᠠᠷᠰᠯᠠᠨ ᠲᠤ ᠲᠠᠪᠴᠠᠩ ᠳ᠋ᠤᠷ ᠰᠠᠭᠤᠭᠰᠠᠨ᠃ ᠭᠠᠷ ᠳ᠋ᠠᠭᠠᠨ ᠨᠠᠢᠮᠠᠨ ᠬᠡᠭᠡᠰᠦᠲᠦ ᠬᠦᠷᠳᠦᠨ (20)

ᠪᠠᠷᠢᠭᠰᠠᠨ᠃ ᠣᠭᠲᠠᠷᠭᠤᠢ ᠶ᠋ᠢᠨ ᠴᠢᠨᠠᠷ ᠡᠷᠬᠡᠲᠦ ᠡᠬᠡ ᠯᠦᠭᠡ ᠡᠪᠦᠴᠡᠯᠳᠦᠨ ᠲᠡᠪᠡᠷᠢᠭᠰᠡᠨ ᠥᠪᠡᠷ ᠲᠦᠷ ᠲᠥᠷᠦᠵᠦ ᠢᠷᠡᠮᠦᠢ᠃ ᠥᠩᠭᠡ ᠶ᠋ᠢᠨ ᠴᠣᠭᠴᠠ ᠣᠷᠤᠨ ᠳ᠋ᠤᠷ ᠠᠷᠢᠯᠤᠭᠰᠠᠨ᠃ ᠬᠠᠨ ᠥᠩᠭᠡ ᠲᠦ ᠭᠡᠷᠡᠯ ᠨᠣᠮ ᠦ᠋ᠨ ᠪᠡᠯᠭᠡ ᠪᠢᠯᠢᠭ ᠦ᠋ᠨ ᠬᠠᠨ ᠥᠩᠭᠡ        ᠭᠡᠭᠡᠨ ᠲᠤᠩᠭᠠᠯᠠᠭ ᠨᠢᠭᠡᠨ ᠬᠤᠷᠴᠠ ᠭᠡᠷᠡᠯ᠃ ᠸᠢᠷᠤᠵᠠᠨ᠎ ‍ᠠ᠋ ᠡᠴᠢᠭᠡ ᠡᠬᠡ ᠶ᠋ᠢᠨ ᠵᠢᠷᠦᠬᠡᠨ ᠡᠴᠡ᠃ ᠥᠪᠡᠷ ᠦ᠋ᠨ ᠡᠮᠦᠨᠡ ᠨᠢᠳᠦᠨ ᠶ᠋ᠢᠡᠷ ᠰᠢᠷᠲᠡᠵᠦ ᠲᠡᠰᠳᠡᠬᠦ ᠦᠭᠡᠢ ᠮᠡᠲᠦ ᠲᠤᠰᠴᠤ ᠢᠷᠡᠮᠦᠢ᠃ ᠲᠡᠭᠦᠨ ᠯᠦᠭᠡ ᠬᠠᠮᠲᠤ ᠲᠩᠷᠢ ᠶ᠋ᠢᠨ ᠭᠡᠷᠡᠯ ᠪᠦᠳᠡᠭᠢ ᠴᠠᠭᠠᠨ ᠥᠩᠭᠡ ᠲᠡᠢ ᠥᠪᠡᠷ ᠦ᠋ᠨ ᠡᠮᠦᠨᠡ ᠲᠡ ᠵᠡᠷᠭᠡ ᠲᠤᠰᠴᠤ ᠢᠷᠡᠮᠦᠢ᠃ ᠲᠡᠷᠡ ᠴᠠᠭ ᠲᠤ ᠴᠢ᠃ ᠵᠠᠶᠠᠭᠠᠨ ‍ᠤ᠃ ᠡᠷᠬᠡᠪᠡᠷ᠃ ᠬᠠᠨ ᠥᠩᠭᠡ ᠲᠦ ᠬᠤᠷᠴᠠ ᠭᠡᠷᠡᠯ ᠯᠦᠭᠡ (20a)

ᠲᠡᠭᠦᠰᠦᠭᠰᠡᠨ ᠨᠣᠮ ᠦ᠋ᠨ᠃ ᠴᠢᠨᠠᠷ ᠦ᠋ᠨ ᠪᠡᠯᠭᠡ ᠪᠢᠯᠢᠭ ᠬᠡᠮᠡᠭᠳᠡᠬᠦ ᠪᠤᠶᠤ ᠬᠡᠮᠡᠭᠡᠳ ᠲᠡᠭᠦᠨ ᠳ᠋ᠤᠷ ᠪᠢᠰᠢᠷᠡᠬᠦᠢ ᠬᠢᠭᠡᠳ᠂ ᠪᠠᠶᠠᠰᠠᠬᠤᠢ ᠪᠡᠷ ᠰᠡᠳᠬᠢᠭᠳᠡᠬᠦᠢ᠃ ᠢᠯᠠᠵᠤ ᠲᠡᠭᠦᠨ ᠨᠥᠭᠴᠢᠭᠰᠡᠨ ᠸᠢᠷᠤᠵᠠᠨ᠎ ‍ᠠ᠋ ᠶ᠋ᠢᠨ ᠵᠢᠷᠦᠬᠡᠨ ‍ᠦ ᠭᠡᠷᠡᠯ ᠪᠤᠶᠤ ᠬᠡᠮᠡᠨ ᠰᠡᠳᠬᠢᠭᠡᠳ ᠶᠡᠯᠪᠡ ᠵᠢᠭᠳᠠᠬᠤᠢ᠃ ᠲᠡᠷ ᠬᠡᠮᠡᠪᠡᠰᠦ ᠢᠯᠠᠵᠤ ᠲᠡᠭᠦᠨ ᠨᠥᠭᠴᠢᠭᠰᠡᠨ ᠸᠢᠷᠤᠵᠠᠨ᠎ ‍ᠠ᠋ ᠪᠤᠷᠬᠠᠨ ᠴᠢᠮᠠᠢᠢ ᠵᠠᠭᠤᠷ ‍ᠠ᠋ ᠳ᠋ᠤ ᠶ᠋ᠢᠨ ᠬᠠᠪᠴᠠᠭᠠᠢ ᠳ᠋ᠤᠷ ᠤᠭᠲᠤᠵᠤ ᠢᠷᠡᠭᠰᠡᠨ ᠪᠤᠶᠤ᠃ ᠸᠢᠷᠤᠵᠠᠨ᠎ ‍ᠠ᠋ ᠪᠤᠷᠬᠠᠨ ‍ᠤ ᠨᠢᠭᠦᠯᠡᠰᠬᠦᠢ ᠰᠡᠳᠬᠢᠯ ᠦ᠋ᠨ ᠭᠡᠷᠡᠯ ᠪᠣᠯᠤᠶᠤ᠂ ᠲᠩᠷᠢ ᠶ᠋ᠢᠨ ᠭᠡᠷᠡᠯ ᠪᠦᠳᠡᠬᠢ ᠴᠠᠭᠠᠨ ᠥᠩᠭᠡ ᠲᠦ ᠲᠡᠭᠦ ᠳᠤᠷ ᠪᠠᠶᠠᠰᠤᠨ ᠦᠯᠦ ᠰᠡᠳᠬᠢᠭᠳᠡᠬᠦᠢ᠃ ᠦᠯᠦ ᠲᠠᠴᠢᠶᠠᠭᠳᠠᠬᠤᠢ᠃ ᠦᠯᠦ ᠰᠢᠨᠤᠬᠠᠢᠢᠷᠠᠭᠳᠠᠬᠤᠢ᠃ ᠲᠡᠭᠦᠨ ᠳ᠋ᠤᠷ (21)

ᠲᠠᠴᠢᠶᠠᠬᠤᠢ ᠪᠣᠯᠪᠠᠰᠤ ᠯᠠᠨ᠃ ᠲᠩᠷᠢ ᠨᠠᠷ ᠦ᠋᠋ᠨ ᠣᠷᠤᠨ ᠳ᠋ᠤᠷ ᠲᠥᠭᠡᠷᠢᠵᠦ ᠪᠦᠷ ᠦ᠋ᠨ᠃ ᠵᠢᠷᠭᠤᠭᠠᠨ ᠵᠦᠢᠯ ᠠᠮᠢᠲᠠᠨ ‍ᠤ ᠣᠷᠴᠢᠯᠠᠩ ᠡᠴᠡ ᠲᠣᠨᠢᠯᠬᠤᠢ ᠮᠥᠷ ᠦ᠋ᠨ ᠲᠦᠢᠳᠦᠭᠴᠢ ᠮᠥᠨ ᠦ᠋ᠨ ᠲᠤᠯᠠ᠃ ᠲᠩᠷᠢ ᠨᠢᠳᠦᠨ ᠶ᠋ᠢᠡᠷ ᠦᠯᠦ ᠬᠠᠷᠠᠨ ᠬᠠᠨ ᠥᠩᠭᠡ ᠲᠦ ᠬᠤᠷᠴᠠ ᠭᠡᠷᠡᠯ ᠲᠡᠭᠦᠨ ᠲᠤᠷ ᠪᠠᠶᠠᠰᠬᠤᠢ ᠰᠡᠳᠬᠢᠯ ᠶ᠋ᠢᠡᠷ᠃ ᠸᠢᠷᠦᠵᠠᠨ᠎ ‍ᠠ᠋ ᠪᠤᠷᠬᠠᠨ ᠳ᠋ᠤᠷ ᠴᠢᠩ ᠪᠢᠰᠢᠷᠡᠯ ᠶ᠋ᠢᠡᠷ ᠵᠣᠷᠢᠬᠤᠢ ᠳ᠋ᠤᠷ ᠪᠢ ᠢᠷᠦᠭᠡᠷ ‍ᠢ᠃ ᠢᠢᠨ ᠬᠡᠮᠡᠨ ᠢᠷᠦᠭᠡᠨ ᠦᠢᠯᠡᠳᠦᠮᠦᠢ᠅ ᠠᠢ ᠥᠪᠡᠷ ᠦ᠋ᠨ ᠲᠣᠭᠰᠢᠨ ᠮᠤᠩᠬᠠᠭ ᠶ᠋ᠢᠠᠷ ᠣᠷᠴᠢᠯᠠᠩ ᠳ᠋ᠤᠷ ᠲᠥᠭᠦᠷᠢᠬᠦᠢ ᠴᠠᠭ ᠲᠤᠷ᠃ ᠨᠣᠮ ᠦ᠋ᠨ ᠴᠢᠨᠠᠷ ᠦ᠋ᠨ ᠪᠡᠯᠭᠡ ᠪᠢᠯᠢᠭ ᠦ᠋ᠨ ᠭᠡᠢᠢᠭᠦᠯᠬᠦ ᠶ᠋ᠢᠨ ᠭᠡᠷᠡᠯ ᠦ᠋ᠨ ᠮᠥᠷ ᠲᠤᠷ᠃ ᠢᠯᠠᠵᠤ (21a)

ᠲᠡᠭᠦᠨ ᠸᠢᠷᠦᠵᠠᠨ᠎ ‍ᠠ᠋ ᠪᠤᠷᠬᠠᠨ ᠡᠮᠦᠨ ‍ᠠ᠋ ᠡᠴᠡ ᠤᠳᠤᠷᠢᠳ᠂ ᠳᠡᠭᠡᠳᠦ ᠡᠬᠡ ᠭᠷᠦᠳᠢᠰᠤᠷᠢ ᠳ᠋ᠠᠭᠢᠨᠢ ᠬᠣᠢᠢᠨ ‍ᠠ᠋ ᠡᠴᠡ ᠬᠠᠰᠢ᠃ ᠵᠠᠭᠤᠷ ‍ᠠ᠋ ᠳ᠋ᠤ ᠶ᠋ᠢᠨ ᠠᠶᠤᠯ ᠲᠤ ᠬᠠᠪᠴᠠᠬᠠᠢ ᠡᠴᠡ ᠭᠡᠲᠦᠯᠭᠡᠨ ᠰᠣᠶᠤᠷᠬ ‍ᠠ᠋᠃ ᠦᠨᠡᠬᠡᠷ ᠲᠤᠬᠤᠯᠤᠭᠰᠠᠨ ᠪᠤᠷᠬᠠᠨ ‍ᠤ ᠣᠷᠤᠨ ᠳ᠋ᠤᠷ ᠬᠦᠷᠭᠡ᠅ ᠬᠡᠮᠡᠨ ᠪᠠᠶᠠᠰᠬᠤᠢ ᠪᠢᠰᠢᠷᠡᠬᠦᠢ ᠴᠢᠩ ᠰᠡᠳᠬᠢᠯ ᠶ᠋ᠢᠡᠷ᠃ ᠲᠡᠢᠢᠨ ᠬᠡᠮᠡᠨ ᠢᠷᠦᠭᠡᠷ ᠢᠷᠦᠭᠡᠭᠰᠡᠨ ᠶ᠋ᠢᠡᠷ᠃ ᠸᠢᠷᠦᠵᠠᠨ᠎ ‍ᠠ᠋ ᠪᠤᠷᠬᠠᠨ ‍ᠤ ᠵᠢᠷᠦᠬᠡᠨ ᠳ᠋ᠤᠷ ᠰᠣᠯᠤᠩᠭ ᠎‍ᠠ᠋ ᠭᠡᠷᠡᠯ ᠪᠣᠯᠤᠨ ᠰᠢᠩᠭᠢᠵᠦ ᠪᠦᠷ ᠦ᠋ᠨ᠃ ᠳᠤᠮᠳᠠᠳᠤ ᠵᠦᠭ ᠦ᠋ᠨ ᠠᠭᠨᠢᠰᠲᠠ ᠶ᠋ᠢᠨ ᠣᠷᠤᠨ ᠳ᠋ᠤᠷ᠃ ᠲᠡᠭᠦᠨ ᠵᠢᠷᠭᠠᠯᠠᠩ ᠦ᠋ᠨ ᠲᠤᠭᠤᠯᠤᠭᠰᠠᠨ ᠪᠡᠢ ‍ᠡ᠋ ᠲᠦ ᠪᠤᠷᠬᠠᠨ ᠪᠣᠯᠬᠤ ᠪᠤᠶᠤ᠃ ᠪᠠᠰᠠ ᠬᠡᠳ ᠪᠠ ᠨᠢᠭᠤᠷ ᠲᠠᠨᠢᠭᠤᠯᠪᠠᠰᠤ ᠪᠡᠷ ᠤᠷᠢᠨ (22)

ᠬᠢᠭᠡᠳ ᠨᠢᠭᠦᠯ ᠲᠦᠢᠳᠬᠡᠷ ᠰᠢᠯᠲᠠᠭᠠᠨ ᠶ᠋ᠢᠠᠷ ᠥᠩᠭᠡ ᠬᠢᠭᠡᠳ᠃ ᠭᠡᠷᠡᠯ ᠡᠴᠡ ᠵᠦᠳᠡᠦ ᠪᠤᠷᠤᠭᠤᠳᠵᠤ ᠪᠦᠷ ᠦ᠋ᠨ᠃ ᠢᠷᠦᠭᠡᠷ ‍ᠢ ᠢᠷᠦᠭᠡᠪᠡᠰᠦ ᠪᠡᠷ ᠡᠨᠳᠡᠭᠦᠷᠡᠭᠰᠡᠨ ᠶ᠋ᠢᠡᠷ᠃ ᠪᠠᠰᠠ ᠬᠣᠶᠠᠷ ᠬᠣᠨᠤᠭ ᠲᠤᠷ ᠸᠴᠢᠷ ‍ᠠ᠋ ᠰᠠᠲᠤ ‍ᠠ᠋ ᠪᠤᠷᠬᠠᠨ ‍ᠤ ᠴᠢᠭᠤᠯᠭᠠᠨ ᠬᠢᠭᠡᠳ᠃ ᠲᠠᠮᠤ ᠶ᠋ᠢᠨ ᠮᠠᠬᠤᠢ ᠵᠠᠶᠠᠭᠠᠨ ᠬᠣᠶᠠᠭᠤᠯᠠ ᠤᠭᠲᠤᠵᠤ ᠢᠷᠡᠮᠦᠢ᠃ ᠪᠠᠰᠠ ᠨᠢᠭᠤᠷ ᠲᠠᠨᠢᠭᠤᠯᠬᠤᠢ ᠢᠨᠦ᠃   ᠅ ᠨᠥᠭᠴᠢᠭᠰᠡᠨ ᠬᠦᠮᠦᠨ ‍ᠦ ᠨᠡᠷᠡᠪᠡᠷ ᠳ᠋ᠠᠭᠤᠳᠢᠭᠠᠳ ᠢᠢᠨ ᠬᠡᠮᠡᠨ ᠥᠭᠦᠯᠡᠮᠦᠢ᠃ ᠠᠢ ᠢᠵᠠᠭᠤᠷ ᠲᠠᠨᠤ ᠬᠦᠪᠡᠭᠦᠨ ᠦᠯᠦ ᠠᠯᠭᠠᠰᠠᠨ ᠰᠣᠨᠤᠰᠳᠠᠬᠤᠢ᠃ ᠬᠣᠶᠠᠷ ᠬᠣᠨᠤᠭ ᠳᠤᠷ ᠤᠰᠤᠨ ᠮᠠᠬᠠᠪᠣᠳ᠃ ᠣᠭᠤᠭᠠᠲᠠ ᠠᠷᠢᠯᠤᠭᠰᠠᠨ ᠴᠠᠭᠠᠨ ᠭᠡᠷᠡᠯ ᠰᠡᠳᠬᠢᠯ ᠳ᠋ᠤᠷ ᠲᠥᠷᠦᠬᠦ ᠪᠣᠯᠤᠶᠤ᠃ ᠲᠡᠷᠡ ᠴᠠᠭ ᠲᠤᠷ (22a)

ᠳᠣᠷᠤᠨ᠎ ᠊ᠠ᠋ ᠵᠦᠭ ᠦ᠋ᠨ ᠢᠯᠡᠲᠡ ᠪᠠᠶᠠᠰᠬᠤᠯᠠᠩ ᠲᠤ ᠣᠷᠤᠨ ᠡᠴᠡ᠃ ᠢᠯᠠᠵᠤ ᠲᠡᠭᠦᠨ ᠨᠥᠭᠴᠢᠭᠰᠡᠨ ᠸᠴᠢᠷ ‍ᠠ᠋ ᠰᠠᠲᠤ ‍ᠠ᠋ ᠠᠭ᠍ᠰᠤᠪᠢ᠃ ᠪᠡᠢ ‍ᠡ᠋ ᠶ᠋ᠢᠨ ᠥᠩᠭᠡ ᠬᠥᠬᠡᠮᠳᠦᠭᠡ ᠭᠠᠷᠲᠠᠭᠠᠨ ᠲᠠᠪᠤᠨ ᠰᠠᠯᠠᠭ᠎ ‍ᠠ᠋ ᠲᠤ ᠸᠴᠢᠷ ᠪᠠᠷᠢᠭᠰᠨᠨ᠃ ᠶᠡᠬᠡ ᠵᠠᠭᠠᠨ ‍ᠤ ᠲᠠᠪᠴᠠᠩ ᠳ᠋ᠤᠷ ᠰᠠᠭᠤᠭᠰᠠᠨ᠃ ᠡᠬᠡ ᠮᠠᠮᠠᠭᠢ ᠯᠥᠭᠡ ᠡᠪᠦᠴᠡᠯᠳᠡᠵᠦ᠃ ᠥᠪᠡᠷ ᠲᠦᠷ ᠲᠥᠷᠦᠵᠦ ᠢᠷᠡᠮᠦᠢ᠃ ᠪᠣᠳᠢᠰᠤᠩ ᠭᠰᠠᠳᠢ ᠬᠡᠷᠪᠢ ᠬᠢᠭᠡᠳ᠃ ᠠᠰᠠᠷᠠᠭᠴᠢ ᠮᠠᠢᠢᠳᠠᠷᠢ ᠬᠣᠶᠠᠭᠤᠯᠠ ᠲᠤᠷ᠃ ᠯᠠᠰᠢ ᠬᠢᠭᠡᠳ ᠪᠣᠰᠪᠢ ᠲᠠᠬᠢᠯ ᠦ᠋ᠨ ᠦᠬᠢᠨ ᠲᠩᠷᠢ ᠵᠢᠷᠦᠭᠡᠯᠡ ᠲᠣᠭᠣᠷᠢᠵᠤ᠃ ᠪᠤᠷᠬᠠᠨ ‍ᠤ ᠵᠢᠷᠭᠤᠳᠤᠭᠠᠷ ᠪᠡᠢ ‍ᠡ᠋ ᠰᠡᠳᠬᠢᠯ ᠳ᠋ᠤᠷ ᠲᠥᠷᠦᠵᠦ ᠢᠷᠡᠮᠦᠢ᠃ ᠲᠡᠢᠢᠨ ᠪᠥᠭᠡᠳ ᠮᠡᠳᠡᠬᠦ ᠶ᠋ᠢᠨ ᠴᠣᠭᠴᠠ ᠣᠷᠤᠨ ᠳ᠋ᠤᠷ ᠠᠷᠢᠯᠤᠭᠰᠠᠨ ᠴᠠᠭᠠᠨ ᠭᠡᠷᠡᠯ᠃ (23)

ᠲᠥᠯᠢ ᠮᠡᠲᠦ ᠪᠡᠯᠭᠡ ᠪᠢᠯᠢᠭ ᠴᠠᠪ ᠴᠠᠭᠠᠨ ᠭᠡᠭᠡᠨ ᠲᠤᠩᠭᠠᠯᠠᠭ ᠨᠢᠭᠡᠨ ᠭᠡᠷᠡᠯ᠃ ᠸᠴᠢᠷ ‍ᠠ᠋ ᠰᠠᠲᠤ ‍ᠠ᠋ ᠡᠴᠢᠭᠡ ᠡᠬᠡ ᠶ᠋ᠢᠨ ᠵᠢᠷᠦᠬᠡᠨ ᠡᠴᠡ᠃ ᠴᠢᠨᠦ ᠥᠪᠡᠷ ᠦ᠋ᠨ ᠡᠮᠦᠨᠡ᠃ ᠨᠢᠳᠦᠨ ᠶ᠋ᠢᠡᠷ ᠬᠠᠷᠠᠵᠤ ᠦᠯᠦ ᠲᠡᠰᠲᠡᠬᠦ ᠮᠡᠲᠦ ᠲᠤᠰᠴᠤ ᠢᠷᠡᠮᠦᠢ᠃ ᠲᠡᠭᠦᠨ ᠯᠦᠭᠡ ᠬᠠᠮᠲᠤ ᠲᠠᠮᠤ ᠶ᠋ᠢᠨ ᠭᠡᠷᠡᠯ ᠪᠦᠳᠡᠭᠢ ᠤᠲᠠᠭᠠᠨ ᠥᠩᠭᠡ ᠲᠦ ᠪᠡᠷ ᠡᠮᠦᠨᠡ ᠲᠡ᠃ ᠲᠣᠯᠢ ᠮᠡᠲᠦ ᠪᠡᠯᠭᠡ ᠪᠢᠯᠢᠭ ᠦ᠋ᠨ ᠭᠡᠷᠡᠯ ᠯᠦᠭᠡ ᠵᠡᠷᠭᠡᠪᠡᠷ ᠲᠤᠰᠴᠤ ᠢᠷᠡᠮᠦᠢ᠃ ᠲᠡᠷᠡ ᠴᠠᠭ ᠲᠤᠷ ᠴᠢ ᠤᠷᠢᠨ ‍ᠤ ᠡᠷᠬᠡᠪᠡᠷ ᠬᠤᠷᠴᠠ ᠴᠠᠭᠠᠨ ᠭᠡᠷᠡᠯ ᠲᠡᠭᠦᠨ ᠡᠴᠡ ᠠᠶᠤᠬᠤᠢ ᠬᠢᠭᠡᠳ ᠵᠦᠳᠡᠬᠦᠢ ᠲᠥᠷᠦᠭᠦᠯᠵᠦ ᠪᠤᠷᠤᠭᠤᠳᠬᠤ ᠪᠣᠯᠤᠭᠠᠳ᠃ ᠲᠠᠮᠤ ᠶ᠋ᠢᠨ ᠭᠡᠷᠡᠯ ᠪᠦᠳᠡᠭᠢ ᠤᠲᠠᠭᠠᠨ ᠥᠩᠭᠡ ᠲᠦ ᠲᠡᠭᠦᠨ ᠳ᠋ᠤᠷ ᠴᠢ (23a)

ᠪᠠᠶᠠᠰᠬᠤᠢ ᠰᠡᠳᠬᠢᠯ ᠶ᠋ᠢᠡᠷ ᠳᠤᠷᠠᠰᠢᠬᠤ ᠪᠣᠯᠤᠭᠤᠵᠠᠢ᠃ ᠲᠡᠷᠡ ᠴᠠᠭ ᠲᠤᠷ ᠴᠢ ᠤᠷᠢᠨ ‍ᠤ ᠡᠷᠬᠡᠪᠡᠷ ᠴᠠᠭᠠᠨ ᠭᠡᠷᠡᠯ ᠬᠤᠷᠴᠠ ᠭᠢᠯᠪᠠᠭᠠᠨᠠᠭᠰᠠᠨ ᠭᠡᠭᠡᠨ ᠶᠤᠩᠭᠠᠯᠠᠭ᠃ ᠲᠡᠭᠦᠨ ᠡᠴᠡ ᠦᠯᠦ ᠠᠶᠤᠨ ᠪᠡᠯᠭᠡ ᠪᠢᠯᠢᠭ ᠪᠤᠶᠤ᠃ ᠬᠡᠮᠡᠨ ᠢᠯᠡᠲᠡ ᠮᠡᠳᠡᠭᠳᠡᠬᠦᠢ᠃ ᠲᠡᠭᠦᠨ ᠳ᠋ᠤᠷ ᠰᠦᠰᠦᠯᠬᠦᠢ ᠬᠢᠭᠡᠳ ᠪᠠᠶᠠᠰᠬᠤᠢ ᠰᠡᠳᠬᠢᠯ ᠶ᠋ᠢᠡᠷ ᠦᠯᠡᠮᠵᠢ ᠪᠢᠰᠢᠷᠡᠭᠳᠡᠬᠦᠢ᠃ ᠢᠯᠠᠵᠤ ᠲᠡᠭᠦᠨ ᠨᠥᠭᠴᠢᠭᠰᠡᠨ ᠸᠴᠢᠷ ‍ᠠ᠋ ᠰᠠᠲᠤ ‍ᠠ᠋ ᠶ᠋ᠢᠨ ᠨᠢᠭᠦᠯᠡᠰᠬᠦᠢ ᠰᠡᠳᠬᠢᠯ ᠦ᠋ᠨ ᠭᠡᠷᠡᠯ ᠪᠤᠶᠤ᠃ ᠢᠲᠡᠭᠡᠮᠦᠢ ᠬᠡᠮᠡᠨ ᠰᠡᠳᠬᠢᠭᠡᠳ ᠪᠠᠶᠠᠰᠬᠤᠢ ᠰᠡᠳᠬᠢᠯ ᠶ᠋ᠢᠡᠷ ᠵᠠᠯᠪᠠᠷᠢᠭᠳᠠᠬᠤᠢ᠃ ᠲᠡᠷᠡ ᠬᠡᠮᠡᠪᠡᠰᠦ ᠢᠯᠠᠵᠤ ᠲᠡᠭᠦᠨ ᠨᠥᠭᠴᠢᠭᠰᠡᠨ ᠸᠴᠢᠷ ‍ᠠ᠋ ᠰᠠᠲᠤ ‍ᠠ᠋ ᠶ᠋ᠢᠨ ᠴᠢᠮᠠᠢᠢ ᠵᠠᠭᠤᠷ ‍ᠠ᠋ ᠳ᠋ᠤ ᠶ᠋ᠢᠨ ᠬᠠᠪᠴᠠᠭᠠᠢ ᠳ᠋ᠤᠷ ᠠᠶᠤᠬᠤᠢ ᠵᠦᠳᠡᠬᠦᠢ (24)

ᠡᠴᠡ ᠠᠪᠤᠷᠠᠬᠤ ᠶ᠋ᠢᠨ ᠲᠤᠯᠠ ᠤᠭᠲᠤᠵᠤ ᠢᠷᠡᠭᠰᠡᠨ ᠪᠤᠶᠤ᠃ ᠸᠴᠢᠷ ‍ᠠ᠋ ᠰᠠᠲᠤ ‍ᠠ᠋ ᠶ᠋ᠢᠨ ᠨᠢᠭᠦᠯᠡᠰᠬᠦᠢ ᠰᠡᠳᠬᠢᠯ ᠦ᠋ᠨ ᠭᠡᠷᠡᠯ ᠦ᠋ᠨ ᠬᠤᠭ᠎ ‍ᠠ᠋ ᠮᠥᠨ ᠪᠤᠶᠤ ᠬᠡᠮᠡᠨ ᠪᠠᠶᠠᠰᠤᠨ ᠰᠡᠳᠬᠢᠭᠳᠡᠬᠦᠢ᠅ ᠲᠠᠮᠤ ᠶ᠋ᠢᠨ ᠭᠡᠷᠡᠯ ᠪᠦᠳᠡᠭᠢ ᠤᠲᠠᠭᠠᠨ ᠥᠩᠭᠡ ᠲᠦ᠃ ᠲᠡᠭᠦᠨ ᠳ᠋ᠤᠷ ᠪᠠᠶᠠᠰᠤᠨ ᠦᠯᠦ ᠰᠡᠳᠬᠢᠭᠳᠡᠬᠦᠢ᠃ ᠲᠡᠷᠡ ᠬᠡᠮᠡᠪᠡᠰᠦ ᠴᠢᠨᠦ ᠬᠤᠷᠢᠶᠠᠭᠰᠠᠨ ᠳᠣᠭᠰᠢᠨ ᠤᠷᠢᠨ ‍ᠤ ᠨᠢᠭᠦᠯ ᠲᠦᠢᠳᠬᠡᠷ ᠦ᠋ᠨ ᠲᠦᠢᠳᠦᠭᠴᠢ ᠮᠥᠷ ᠪᠤᠶᠤ᠃ ᠲᠡᠭᠦᠨ ᠳ᠋ᠤᠷ ᠲᠠᠴᠢᠶᠠᠬᠤᠢ ᠪᠣᠯᠪᠠᠰᠤ ᠯᠠᠨ᠃ ᠴᠢ ᠲᠠᠮᠤ ᠶ᠋ᠢᠨ ᠣᠷᠤᠨ ᠳ᠋ᠤᠷ ᠤᠨᠠᠬᠤ ᠪᠣᠯᠤᠭᠠᠳ᠃ ᠲᠡᠰᠳᠡᠰᠢ ᠦᠭᠡᠢ ᠵᠣᠪᠯᠠᠩ ᠦ᠋ᠨ ᠪᠠᠯᠴᠢᠭ ᠲᠤᠷ ᠪᠠᠭᠲᠠᠮᠤᠢ᠃ ᠲᠡᠭᠦᠨ ᠡᠴᠡ ᠭᠠᠷᠬᠤᠢ ᠶ᠋ᠢᠨ ᠴᠠᠭ ᠦᠯᠦ ᠪᠣᠯᠤᠨ ᠪᠤᠶᠤ᠃ ᠲᠡᠷᠡ ᠲᠣᠨᠢᠯᠬᠤ (24a)

ᠶ᠋ᠢᠨ ᠮᠥᠷ ‍ᠢ ᠲᠦᠢᠳᠦᠭᠴᠢ ᠲᠣᠲᠠᠭᠠᠷ ᠮᠥᠨ ‍ᠦ ᠲᠤᠯᠠ᠃ ᠲᠡᠭᠦᠨᠢ ᠨᠢᠳᠦᠨ ᠶ᠋ᠢᠡᠷ ᠦᠯᠦ ᠬᠠᠷᠠᠨ ᠤᠷᠢᠨ ‍ᠢ ᠲᠡᠪᠴᠢᠭᠳᠡᠬᠦᠢ᠃ ᠲᠡᠭᠦᠨ ᠳ᠋ᠤᠷ ᠦᠯᠦ ᠲᠠᠴᠢᠶᠠᠨ ᠦᠯᠦ ᠰᠢᠨᠤᠬᠠᠢᠢᠷᠠᠨ ᠭᠢᠯᠪᠠᠭᠠᠨᠠᠭᠰᠠᠨ ᠬᠤᠷᠴᠠ ᠴᠠᠭᠠᠨ ᠭᠡᠷᠡᠯ ᠲᠡᠭᠦᠨ ᠳ᠋ᠤᠷ ᠪᠠᠶᠠᠰᠤᠨ ᠰᠡᠳᠬᠢᠭᠡᠳ᠃ ᠢᠯᠠᠵᠤ ᠲᠡᠭᠦᠨ ᠨᠥᠭᠴᠢᠭᠰᠡᠨ ᠸᠴᠢᠷ ‍ᠠ᠋ ᠰᠠᠲᠤ ‍ᠠ᠋ ᠶ᠋ᠢ ᠴᠢᠩ ᠰᠡᠳᠬᠢᠯ ᠶ᠋ᠢᠡᠷ ᠵᠣᠷᠢᠬᠤᠢ ᠳ᠋ᠤᠷ ᠢᠷᠦᠭᠡᠭᠡᠷ ᠢᠢᠨ ᠬᠡᠮᠡᠨ ᠢᠷᠦᠭᠡᠭᠳᠡᠬᠦᠢ᠅ ᠠᠢ ᠳᠣᠭᠰᠢᠨ ᠤᠷᠢᠨ ᠶ᠋ᠢᠠᠷ ᠣᠷᠴᠢᠯᠠᠩ ᠳ᠋ᠤᠷ ᠲᠥᠭᠦᠷᠢᠬᠦᠢ ᠴᠠᠭ ᠲᠤᠷ᠃ ᠲᠣᠯᠢ ᠮᠡᠲᠦ ᠪᠡᠯᠭᠡ ᠪᠢᠯᠢᠭ ᠭᠡᠢᠢᠭᠦᠯᠬᠦᠢ ᠭᠡᠷᠡᠯ ᠦ᠋ᠨ ᠮᠥᠷ ᠲᠤᠷ ᠢᠯᠠᠵᠤ ᠲᠡᠭᠦᠨ ᠨᠥᠭᠴᠢᠭᠰᠡᠨ ᠸᠴᠢᠷ ‍ᠠ᠋ ᠰᠠᠲᠤ ‍ᠠ᠋ ᠡᠮᠦᠨᠡ ᠡᠴᠡ ᠤᠳᠤᠷᠢᠳ᠃ ᠳᠡᠭᠡᠳᠦ ᠡᠬᠡ ᠬᠤᠲᠤᠭ ᠲᠠᠢ ᠮᠠᠮᠠᠬᠢ ᠬᠣᠢᠢᠨᠠ ᠡᠴᠡ ᠬᠠᠰᠢ᠃ (25)

ᠵᠠᠭᠤᠷ ‍ᠠ᠋ ᠳ᠋ᠤ ᠶ᠋ᠢᠨ ᠠᠶᠤᠯ ᠲᠠ ᠬᠠᠪᠴᠠᠭᠠᠢ ᠡᠴᠡ ᠭᠡᠲᠦᠯᠭᠡᠨ ᠰᠣᠶᠤᠷᠬ ‍ᠠ᠋᠃ ᠦᠨᠡᠬᠡᠷ ᠲᠤᠭᠤᠯᠤᠭᠰᠠᠨ ᠪᠤᠷᠬᠠᠨ ‍ᠤ ᠣᠷᠤᠨ ᠳ᠋ᠤᠷ ᠬᠦᠷᠭᠡ᠅ ᠬᠡᠮᠡᠨ ᠪᠠᠶᠠᠰᠬᠤᠢ ᠪᠢᠰᠢᠷᠡᠬᠦᠢ ᠴᠢᠩ ᠪᠢᠰᠢᠷᠡᠯ ᠶ᠋ᠢᠡᠷ ᠢᠷᠦᠭᠡᠷ ᠢᠷᠦᠭᠡᠭᠰᠡᠨ ᠶ᠋ᠢᠡᠷ᠃ ᠢᠯᠠᠵᠤ ᠲᠡᠭᠦᠨ ᠨᠥᠭᠴᠢᠭᠰᠡᠨ ᠸᠴᠢᠷ ‍ᠠ᠋ ᠰᠠᠲᠤ ‍ᠠ᠋ ᠪᠤᠷᠬᠠᠨ ‍ᠤ ᠵᠢᠷᠦᠬᠡᠨ ᠳ᠋ᠤᠷ ᠰᠣᠯᠤᠩᠭ᠎ᠠ ᠭᠡᠷᠡᠯ ᠪᠣᠯᠤᠨ ᠰᠢᠩᠭᠡᠵᠦ ᠪᠦᠷ ‍ᠦᠨ᠃ ᠳᠣᠷᠤᠨ᠎ ‍ᠠ᠋ ᠵᠦᠭ ᠦ᠋ᠨ ᠢᠯᠡᠲᠡ ᠪᠠᠶᠠᠰᠬᠤᠯᠠᠩ ᠲᠤ ᠣᠷᠤᠨ ᠳ᠋ᠤᠷ᠃ ᠲᠡᠭᠦᠨ ᠵᠢᠷᠭᠠᠯᠠᠩ ᠦ᠋ᠨ ᠲᠤᠭᠤᠯᠤᠭᠰᠠᠨ ᠪᠡᠢ ‍ᠡ᠋ ᠲᠦ ᠪᠤᠷᠬᠠᠨ ᠪᠣᠯᠬᠤ ᠪᠤᠶᠤ᠃ ᠪᠠᠰᠠ ᠲᠡᠷᠡ ᠮᠡᠲᠦ ᠨᠢᠭᠤᠷ ᠲᠠᠨᠢᠭᠤᠯᠪᠠᠰᠤ ᠪᠡᠷ ᠶᠡᠬᠡ ᠨᠠᠢᠢᠳᠠᠩᠭᠤᠢ ᠶ᠋ᠢᠨ ᠨᠢᠭᠦᠯ ᠲᠦᠢᠳᠬᠡᠷ ᠶ᠋ᠢᠡᠷ ᠪᠤᠤᠡᠭᠡᠯᠢᠨ ᠨᠢᠭᠦᠯᠡᠰᠬᠦᠢ ᠰᠡᠳᠬᠢᠯ ᠦ᠋ᠨ ᠭᠡᠷᠡᠯ ᠦ᠋ᠨ ᠬᠤᠭ ‍ᠠ᠋ ᠡᠴᠡ (25a)

ᠠᠶᠤᠵᠤ ᠪᠤᠷᠤᠳᠤᠭᠰᠠᠨ ᠶ᠋ᠢᠠᠷ᠃ ᠪᠠᠰᠠ ᠭᠤᠷᠪᠠᠨ ᠬᠣᠨᠤᠭ ᠲᠤᠷ᠃ ᠢᠯᠠᠵᠤ ᠲᠡᠭᠦᠨ ᠨᠥᠭᠴᠢᠭᠰᠡᠨ ᠷᠠᠳᠨᠠ ᠰᠠᠮᠪᠠᠤ ‍ᠠ᠋ ᠲᠩᠷᠢ ᠶ᠋ᠢᠨ ᠴᠢᠭᠤᠯᠭᠠᠨ ᠬᠢᠭᠡᠳ᠃ ᠬᠦᠮᠦᠨ ‍ᠦ ᠭᠡᠷᠡᠯ ᠬᠣᠶᠠᠭᠤᠯᠠ ᠤᠭᠲᠤᠵᠤ ᠢᠷᠡᠮᠦᠢ᠅ ᠪᠠᠰᠠ ᠨᠢᠭᠤᠷ ᠲᠠᠨᠢᠭᠤᠯᠬᠤᠢ ᠢᠨᠦ ᠨᠥᠭᠴᠢᠭᠰᠡᠨ ᠬᠦᠮᠦᠨ ‍ᠦ ᠨᠡᠷᠡᠪᠡᠷ ᠳᠠᠭᠤᠳᠠᠭᠠᠳ ᠢᠢᠨ ᠬᠡᠮᠡᠨ ᠥᠦᠭᠦᠯᠮᠦᠢ᠅ ᠠᠢ ᠢᠵᠠᠭᠤᠷ ᠲᠠᠨᠤ ᠬᠦᠪᠡᠭᠦᠨ ᠦᠯᠦ ᠠᠯᠭᠠᠰᠠᠨ ᠰᠣᠨᠤᠰᠳᠠᠬᠤᠢ᠃ ᠭᠤᠷᠪᠠᠨ ᠬᠣᠨᠤᠭ ᠳᠤᠷ ᠰᠢᠷᠣᠢ ᠮᠠᠬᠠᠪᠣᠳ ᠣᠭᠤᠭᠠᠲᠠ ᠠᠷᠢᠯᠤᠭᠰᠠᠨ ᠰᠢᠷ ‍ᠠ᠋ ᠭᠡᠷᠡᠯ ᠰᠡᠳᠬᠢᠯ ᠳ᠋ᠤᠷ ᠲᠥᠷᠦᠬᠦ ᠪᠣᠯᠤᠶᠤ᠃ ᠲᠡᠷᠡ ᠴᠠᠭ ᠲ᠋ᠤᠷ ᠡᠮᠦᠨᠡ ᠵᠦᠭ ᠦ᠋ᠨ ᠴᠣᠭ ᠯᠤᠭ᠎ ‍ᠠ᠋ ᠲᠡᠭᠦᠰᠦᠭᠰᠡᠨ ᠰᠢᠷ ‍ᠠ᠋ ᠣᠷᠤᠨ ᠡᠴᠡ ᠢᠯᠠᠵᠤ ᠲᠡᠭᠦᠰ ᠨᠥᠭᠴᠢᠭᠰᠡᠨ ᠷᠠᠳᠨ ‍ᠠ᠋ ᠰᠠᠮᠪᠠᠤ ‍ᠠ᠋᠃ ᠪᠡᠶ ᠶ᠋ᠢᠨ (26)

ᠥᠩᠭᠡ ᠰᠢᠷ ‍ᠠ᠋᠃ ᠭᠠᠷᠲᠠᠭᠠᠨ ᠴᠢᠨᠳᠠᠮᠠᠨᠢ ᠡᠷᠳᠡᠨᠢ ᠪᠠᠷᠢᠭᠰᠠᠨ᠃ ᠳᠡᠭᠡᠳᠦ ᠮᠣᠷᠢᠨ ᠲᠠᠪᠴᠠᠩ ᠳ᠋ᠤᠷ ᠰᠠᠭᠤᠭᠠᠳ᠂ ᠪᠤᠳᠳᠠ ᠯᠤᠽᠠᠨᠢ ᠳᠡᠭᠡᠳᠦ ᠡᠬᠡ ᠳᠠᠭᠢᠨᠢ ᠯᠤᠭ᠎ ‍ᠠ᠋ ᠡᠪᠦᠴᠡᠯᠳᠦᠵᠦ ᠥᠪᠡᠷ ᠲᠤᠷ ᠲᠥᠷᠦᠵᠦ ᠢᠷᠡᠮᠦᠢ᠃ ᠪᠣᠳᠢᠰᠤᠩ ᠠᠬᠢᠭ᠎ ‍ᠠ᠋ ᠬᠢᠷᠪᠢ ᠬᠢᠬᠡᠳ᠃  ᠰᠠᠮᠠᠨᠳᠠᠪᠠᠳᠠᠷᠢ ᠬᠣᠶᠠᠭᠤᠯᠠ ᠳ᠋ᠤᠷ᠃ ᠮᠠᠯᠢ ᠡᠬᠡ ᠬᠢᠭᠡᠳ᠃ ᠲᠣᠪᠢᠲᠠᠬᠢᠯ ᠦ᠋ᠨ ᠦᠬᠢᠨ ᠲᠩᠷᠢ ᠵᠢᠷᠦᠭᠯᠡᠨ ᠲᠣᠭᠣᠷᠢᠵᠤ᠃ ᠰᠣᠯᠤᠩᠭ᠎ ‍ᠠ᠋ ᠬᠢᠭᠡᠳ ᠭᠡᠷᠡᠯ ᠦ᠋ᠨ ᠲᠥᠪ ᠡᠴᠡ᠃ ᠪᠤᠷᠬᠠᠨ ‍ᠤ ᠵᠢᠷᠭᠤᠭᠠᠨ ᠪᠡᠶ ‍ᠡ᠋ ᠰᠡᠳᠬᠢᠯ ᠳ᠋ᠤᠷ ᠲᠥᠷᠦᠵᠦ ᠢᠷᠡᠮᠦᠢ᠃ ᠰᠡᠷᠡᠬᠦ ‍ᠶ᠋ᠢᠨ ᠴᠣᠭᠴᠠ ᠴᠢᠨᠠᠷ ᠳ᠋ᠤᠷ ᠠᠷᠢᠯᠤᠭᠰᠠᠨ ᠰᠢᠷ ‍ᠠ᠋ ᠭᠡᠷᠡᠯ᠃ ᠲᠡᠭᠰᠢ ᠪᠡᠯᠭᠡ ᠪᠢᠯᠢᠭ ‍ᠦᠨ ᠰᠦᠨ ᠰᠢᠷ ‍ᠠ᠋ ᠲᠤᠨᠬᠢᠭᠯᠠᠭ ᠬᠤᠷᠴᠠ ᠭᠡᠷᠡᠯ᠃ (26a)

ᠳᠤᠰᠤᠯ ᠬᠢᠭᠡᠳ᠃ ᠨᠠᠷᠢᠨ ᠳᠤᠰᠤᠯ ‍ᠢᠢᠠᠷ ᠴᠢᠮᠡᠭᠰᠡᠨ᠃ ᠠᠷᠢᠭᠤᠨ ᠲᠤᠩᠭᠠᠯᠠᠭ ᠨᠢᠳᠦᠨ ‍ᠢᠢᠡᠷ ᠬᠠᠷᠠᠵᠤ ᠲᠡᠰᠳᠡᠰᠢ ᠦᠭᠡᠢ ᠨᠢᠭᠡᠨ.. ᠷᠠᠳᠨ ‍ᠠ᠋ ᠰᠠᠮᠪᠠᠤ ‍ᠠ᠋ ᠡᠴᠢᠭᠡ ᠡᠬᠡ ‍ᠢᠢᠨ ᠵᠢᠷᠦᠬᠡᠨ ᠡᠴᠡ᠃ ᠴᠢᠨᠦ ᠥᠪᠡᠷ ‍ᠦᠨ ᠡᠮᠦᠨᠡ ᠲᠤᠨ ᠨᠢᠳᠦᠨ ‍ᠢᠢᠡᠷ ᠬᠠᠷᠠᠵᠤ ᠦᠯᠦ ᠲᠡᠳᠦᠬᠦ ᠮᠡᠲᠦ ᠲᠤᠰᠴᠤ ᠢᠷᠡᠮᠦᠢ᠃ ᠲᠡᠭᠦᠨ ᠯᠦᠭᠡ ᠰᠠᠴᠠᠬᠤ ᠬᠦᠮᠦᠨ ‍ᠦ ᠭᠡᠷᠡᠯ᠃ ᠪᠦᠳᠡᠭᠢ ᠰᠢᠷ ‍ᠠ᠋ ᠥᠩᠭᠡᠲᠦ ᠨᠢᠭᠡᠨ ᠪᠡᠯᠭᠡ ᠪᠢᠯᠢᠭ ‍ᠦᠨ ᠭᠡᠷᠡᠯ ᠯᠦᠭᠡ ᠬᠠᠮᠲᠤ ᠵᠡᠷᠭᠡ᠃ ᠴᠢᠨᠦ ‍ᠡ᠋ ᠥᠪᠡᠷ ‍ᠦᠨ ᠵᠢᠷᠦᠬᠡᠨ ᠳ᠋ᠤᠷ ᠲᠤᠰᠴᠤ ᠢᠷᠡᠮᠦᠢ᠃ ᠲᠡᠷᠡ ᠴᠠᠭ ᠲᠤᠷ ᠴᠢ ᠣᠮᠤᠭ ‍ᠤᠨ ᠡᠷᠬᠡᠪᠡᠷ᠃ ᠬᠤᠷᠴᠠ ᠥᠩᠭᠡᠲᠦ ᠰᠢᠷ ‍ᠠ᠋ ᠭᠡᠷᠡᠯ ᠲᠤᠭᠦᠨ ᠡᠴᠡ ᠠᠶᠤᠬᠤᠢ ᠵᠦᠳᠡᠬᠦᠢ ᠲᠥᠷᠦᠭᠦᠯᠵᠦ ᠪᠤᠷᠤᠭᠤᠳᠬᠤ ᠪᠣᠯᠤᠭᠤᠵᠠᠢ᠃ ᠬᠦᠮᠦᠨ ‍ᠦ (27)

ᠭᠡᠷᠡᠯ ᠪᠦᠳᠡᠭᠢ ᠰᠢᠷ ‍ᠠ᠋ ᠥᠩᠭᠡ ᠲᠦ ᠲᠡᠭᠦᠨ ᠳ᠋ᠤᠷ ᠴᠢ ᠪᠠᠶᠠᠰᠬᠤᠢ ᠬᠢᠭᠡᠳ᠃ ᠲᠠᠴᠢᠶᠠᠬᠤᠢ ᠲᠥᠷᠦᠭᠦᠯᠵᠦ ᠦᠯᠦ ᠪᠣᠯᠳᠠᠬᠤᠢ᠃ ᠲᠡᠷᠡ ᠮᠡᠲᠦ ᠯᠠᠨ ᠪᠥᠭᠡᠰᠦ ᠬᠤᠷᠴᠠ ᠥᠩᠭᠡ ᠲᠦ ᠰᠢᠪ ᠰᠢᠷ ‍ᠠ᠋ ᠭᠡᠷᠡᠯ ᠲᠡᠭᠦᠨ ᠡᠴᠡ ᠦᠯᠦ ᠠᠶᠤᠭᠳᠠᠬᠤᠢ᠃ ᠪᠡᠯᠭᠡ ᠪᠢᠯᠢᠭ ᠪᠤᠶᠤ ᠬᠡᠮᠡᠨ ᠢᠯᠡᠲᠡ ᠮᠡᠳᠡᠭᠳᠡᠬᠦᠢ᠃ ᠲᠡᠭᠦᠨ ᠳᠡᠭᠡᠷ ‍ᠡ᠋ ᠤᠬᠠᠭᠠᠨ ‍ᠢ ᠪᠠᠷᠢᠮᠲᠠᠯᠠᠬᠤᠢ ᠦᠭᠡᠢ ‍ᠢᠢᠨ ᠠᠭᠠᠷ ᠲᠤᠷ ᠤᠳᠠ ᠠᠭᠤᠯᠳᠠᠬᠤᠢ᠃ ᠪᠠᠰᠠ ᠲᠡᠭᠦᠨ ᠳ᠋ᠤᠷ ᠰᠦᠰᠦᠯᠬᠦᠢ ᠬᠢᠭᠡᠳ᠃ ᠪᠠᠶᠠᠰᠬᠤᠢ ᠰᠡᠳᠬᠢᠯ ‍ᠢᠢᠡᠷ ᠦᠯᠡᠮᠵᠢ ᠪᠢᠰᠢᠷᠡᠭᠳᠡᠬᠦᠢ᠃ ᠴᠢ ᠥᠪᠡᠷ ‍ᠦᠨ ᠤᠬᠭᠠᠨ ‍ᠤ ᠥᠩᠭᠡ ‍ᠢᠢ ᠥᠪᠡᠰᠦᠪᠡᠨ ᠬᠦ ᠢᠯᠡᠲᠡ ᠲᠠᠨᠢᠪᠠᠰᠤ ᠯᠠᠨ᠃ ᠪᠠᠶᠠᠰᠬᠤᠢ ᠪᠢᠰᠢᠷᠡᠬᠦᠢ (27a)

ᠦᠯᠦ ᠦᠢᠯᠡᠳᠦᠨ ᠢᠷᠦᠭᠡᠷ ᠡᠰᠡ ᠢᠷᠦᠭᠡᠪᠡᠰᠦ ᠪᠡᠷ᠃ ᠪᠡᠶ ‍ᠡ᠋ ᠬᠢᠭᠡᠳ ᠬᠠᠮᠤᠭ ᠥᠩᠭᠡ ᠭᠡᠷᠡᠯ ᠴᠢᠨᠦ ᠥᠪᠡᠷ ᠲᠦᠷ ᠢᠯᠭᠠᠯ ᠦᠭᠡᠢ ᠰᠢᠩᠭᠡᠵᠦ ᠪᠤᠷᠬᠠᠨ ᠪᠣᠯᠬᠤ ᠪᠤᠶᠤ᠃ ᠥᠪᠡᠷ ‍ᠦᠨ ᠤᠬᠠᠭᠠᠨ ‍ᠤ ᠥᠩᠭᠡ ‍ᠢᠢ ᠥᠪᠡᠰᠦᠪᠡᠨ ᠢᠯᠡᠲᠡ ᠮᠡᠳᠡᠪᠡᠰᠦ ᠯᠡᠨ᠃ ᠢᠯᠠᠵᠤ ᠲᠡᠭᠦᠰ ᠨᠥᠭᠴᠢᠭᠰᠡᠨ ᠷᠠᠳᠨ ‍ᠠ᠋ ᠰᠠᠮᠪᠠᠦ ‍ᠠ᠋ ‍ᠢᠢᠨ ᠨᠢᠭᠦᠯᠡᠰᠬᠦᠢ ᠰᠡᠳᠬᠢᠯ ‍ᠦᠨ ᠭᠡᠷᠡᠯ ᠪᠤᠶᠤ᠃ ᠢᠲᠡᠭᠡᠮᠦᠢ ᠬᠡᠮᠡᠩ ᠰᠡᠳᠬᠢᠭᠡᠳᠡ ᠪᠠᠶᠠᠰᠬᠤᠢ᠂ ᠪᠢᠰᠢᠷᠡᠬᠦᠢ᠂ ᠪᠡᠷ ᠵᠠᠯᠪᠠᠷᠢᠭᠳᠠᠬᠤᠢ᠃ ᠲᠡᠷᠡ ᠬᠡᠮᠡᠪᠡᠰᠦ ᠢᠯᠠᠵᠤ ᠲᠡᠭᠦᠰ ᠨᠥᠭᠴᠢᠭᠰᠡᠨ ᠷᠠᠳᠨ ‍ᠠ᠋ ᠰᠠᠮᠪᠠᠦ ‍ᠠ᠋ ‍ᠢᠢᠨ ᠨᠢᠭᠦᠯᠡᠰᠬᠦᠢ ᠭᠡᠷᠡᠯ ‍ᠦᠨ ᠬᠣᠬ ‍ᠠ᠋ ᠮᠥᠨ ‍ᠦ ᠲᠤᠯᠠ ᠪᠠᠶᠠᠰᠤᠨ ᠰᠡᠳᠬᠢᠭᠳᠡᠬᠦᠢ᠃ ᠬᠦᠮᠦᠨ ‍ᠦ ᠭᠡᠷᠡᠯ ᠪᠦᠳᠡᠭᠢ ᠰᠢᠷᠠ ᠥᠩᠭᠡ ᠲᠦ ᠲᠡᠭᠦᠨ (28)


ᠪᠠᠶᠠᠰᠤᠨ ᠦᠯᠦ ᠦᠢᠯᠡᠳᠳᠡᠬᠦᠢ ᠲᠡᠷᠡ ᠬᠡᠮᠡᠪᠡᠰᠦ ᠴᠢᠨᠦ ᠬᠤᠷᠢᠶᠠᠭᠰᠠᠨ ᠳᠣᠭᠰᠢᠨ ᠣᠮᠤᠭ ‍ᠤᠨ ᠠᠪᠢᠶᠠᠨ ‍ᠢᠢᠠᠷ ᠲᠦᠢᠳᠦᠭᠴᠢ ᠮᠥᠷ ᠪᠤᠶᠤ᠃ ᠲᠡᠭᠦᠨ ᠳ᠋ᠤᠷ ᠲᠠᠴᠢᠶᠠᠬᠤ ᠪᠣᠯᠪᠠᠰᠤ ᠯᠠᠨ᠃ ᠴᠢ ᠬᠦᠮᠦᠨ ‍ᠦ ᠣᠷᠤᠨ ᠳ᠋ᠤᠷ ᠲᠥᠷᠦᠬᠦᠢ ᠥᠲᠯᠡᠬᠦᠢ ᠡᠪᠡᠳᠬᠦᠢ ᠦᠬᠦᠬᠦᠢ ᠵᠣᠪᠠᠯᠠᠩ ‍ᠢ ᠲᠡᠭᠰᠢ ᠦᠵᠡᠭᠡᠳ ᠣᠷᠴᠢᠯᠠᠩ ‍ᠤᠨ ᠪᠠᠯᠴᠢᠭ ᠡᠴᠡ ᠲᠣᠨᠢᠯᠬᠤ ᠴᠠᠭ ᠦᠯᠦ ᠪᠣᠯᠤᠨ ᠪᠤᠶ᠃ ᠲᠣᠨᠢᠯᠬᠤ ‍ᠢᠢᠨ ᠮᠥᠷ ‍ᠢ ᠲᠦᠢᠳᠦᠭᠴᠢ ᠲᠣᠳᠠᠬᠠᠷ ᠮᠥᠨ ‍ᠦ ᠲᠤᠯᠠ ᠲᠡᠭᠦᠨ ‍ᠢ ᠨᠢᠳᠦᠨ ‍ᠢᠢᠡᠷ ᠦᠯᠦ ᠬᠠᠷᠠᠨ᠃ ᠣᠮᠤᠭ ‍ᠢ ᠲᠡᠪᠴᠢᠭᠳᠡᠬᠦᠢ᠃ ᠠᠪᠢᠶᠠᠨ ‍ᠢ ᠲᠡᠪᠴᠢᠭᠳᠡᠬᠦᠢ᠃ ᠲᠡᠭᠦᠨ ᠳ᠋ᠤᠷ ᠦᠯᠦ ᠲᠠᠴᠢᠶᠠᠨ ᠦᠯᠦ ᠰᠢᠨᠤᠬᠠᠢᠢᠷᠠᠨ᠂ ᠬᠤᠷᠴᠠ ᠲᠡᠷᠡ ᠠᠷᠢᠯᠤᠭᠰᠠᠨ (28ᠠ)


ᠭᠡᠷᠡᠯ ᠳ᠋ᠤᠷ ᠪᠠᠶᠠᠰᠤᠨ ᠰᠡᠳᠬᠢᠭᠡᠳ ᠢᠯᠠᠵᠤ ᠲᠡᠭᠦᠰ ᠨᠥᠭᠴᠢᠭᠰᠡᠨ ᠷᠠᠳᠨ ‍ᠠ᠋ ᠰᠠᠮᠪᠠᠦ ‍ᠠ᠋ ‍ᠢᠢ ᠨᠢᠭᠡᠨ ᠦᠵᠦᠭᠦᠷ ᠲᠦ ᠰᠡᠳᠬᠢᠯ ‍ᠢᠢᠡᠷ ᠵᠣᠷᠢᠬᠤᠢ ᠳ᠋ᠤᠷ ᠢᠷᠦᠭᠡᠷ ‍ᠢ ᠢᠢᠨ ᠬᠡᠮᠡᠨ ᠢᠷᠡᠦᠬᠡᠭᠳᠡᠬᠦᠢ᠃ ᠠᠢ ᠣᠭᠰᠢᠨ ᠣᠮᠤᠭ ‍ᠢᠢᠠᠷ ᠣᠷᠴᠢᠯᠠᠩ ᠳ᠋ᠤᠷ ᠲᠥᠭᠦᠷᠢᠬᠦᠢ ᠴᠠᠭ ᠲᠤᠷ᠃ ᠲᠡᠭᠰᠢ ᠪᠡᠯᠭᠡ ᠪᠢᠯᠢᠭ ᠭᠢᠢᠭᠦᠯᠬᠦᠢ ᠭᠡᠷᠡᠯ ‍ᠦᠨ ᠮᠥᠷ ᠲᠤᠷ᠃ ᠢᠯᠠᠵᠤ ᠲᠡᠭᠦᠰ ᠷᠠᠳᠨ ‍ᠠ᠋ ᠰᠠᠮᠪᠠᠦ ‍ᠠ᠋ ᠡᠮᠦᠨᠡ ᠡᠴᠡ ᠤᠳᠤᠷᠢᠳ᠃ ᠳᠡᠭᠡᠳᠦ ᠡᠬᠡ ᠪᠣᠳᠳᠠ ᠯᠣᠵᠠᠠᠢ ᠬᠣᠢᠢᠨᠠ ᠡᠴᠡ ᠬᠠᠰᠢ᠃ ᠵᠠᠭᠤᠷᠠᠳᠤ ‍ᠢᠢᠨ ᠠᠶᠤᠯ ᠲᠤ ᠬᠠᠪᠴᠠᠭᠠᠢ ᠡᠴᠡ ᠭᠡᠲᠦᠯᠭᠡᠨ ᠰᠣᠶᠤᠷᠬ ‍ᠠ᠋᠅ ᠦᠨᠡᠬᠡᠷ ᠲᠤᠭᠤᠯᠤᠭᠰᠠᠨᠨ ᠪᠤᠷᠬᠠᠨ ‍ᠤ ᠣᠷᠤᠨ ᠳ᠋ᠤᠷ ᠬᠦᠷᠭᠡ᠃ ᠲᠡᠢᠢᠨ ᠬᠡᠮᠡᠨ ᠪᠠᠶᠠᠰᠬᠤᠢ (29)

ᠪᠢᠰᠢᠷᠡᠬᠦᠢ ᠴᠢᠩ ᠰᠡᠳᠬᠢᠯ ‍ᠢᠢᠡᠷ ᠢᠷᠦᠭᠡᠷ ᠢᠷᠦᠭᠡᠭᠰᠡᠨ ‍ᠢᠢᠡᠷ ᠢᠯᠠᠵᠤ ᠲᠡᠭᠦᠰ ᠨᠥᠭᠴᠢᠭᠰᠡᠨ ᠷᠠᠳᠨ ‍ᠠ᠋ ᠰᠠᠮᠪᠠᠦ ‍ᠠ᠋ ᠡᠴᠢᠭᠡ ᠡᠬᠡ ‍ᠢᠢᠨ ᠵᠢᠷᠦᠬᠡᠨ ᠳ᠋ᠤᠷ ᠰᠣᠯᠤᠩᠭ ‍ᠠ᠋ ᠭᠡᠷᠡᠯ ᠪᠣᠯᠤᠨ ᠰᠢᠩᠭᠡᠵᠦ ᠪᠦᠷ ‍ᠦᠨ᠃ ᠡᠮᠦᠨᠡ ᠵᠦᠭ ‍ᠦᠨ ᠴᠣᠭ ᠯᠤᠭ᠎ ‍ᠠ᠋ ᠲᠡᠭᠦᠰᠢᠭᠰᠡᠨ ᠣᠷᠤᠨ ᠳ᠋ᠤᠷ᠃ ᠲᠡᠭᠦᠰ ᠵᠢᠷᠭᠠᠯᠠᠩ ‍ᠪᠨ ᠲᠤᠭᠤᠯᠤᠭᠰᠠᠨ ᠪᠡᠶ ‍ᠡ᠋ ᠲᠦ ᠪᠤᠷᠬᠠᠨ ᠪᠣᠯᠬᠤ ᠪᠤᠶᠤ᠃ ᠲᠡᠷᠡ ᠮᠡᠲᠦ ᠨᠢᠭᠤᠷ ᠲᠠᠨᠢᠭᠤᠯᠤᠭᠰᠠᠨ ‍ᠢᠢᠠᠷ ᠡᠷᠬᠡᠲᠡᠨ ᠶᠠᠮᠪᠠᠷᠴᠢᠯᠠᠨ ᠳᠣᠷᠠᠢᠢᠳᠲᠠᠪᠠᠪᠠᠰᠤ ᠪᠡᠷ ᠲᠣᠨᠢᠯᠬᠤ ᠢᠨᠦ ᠰᠡᠰᠢᠭ ᠦᠭᠡᠢ ᠪᠣᠯᠤᠶᠤ᠃ ᠪᠠᠰᠠ ᠲᠡᠷᠡ ᠮᠡᠲᠦ ᠣᠯᠠᠨ ᠲᠠ ᠨᠢᠭᠤᠷ ᠲᠠᠨᠢᠭᠤᠯᠪᠠᠰᠤ ᠪᠡᠷ ᠶᠡᠬᠡ ᠬᠢᠯᠢᠨᠴᠡ ᠲᠦ ᠬᠦᠮᠦᠨ ᠲᠡᠷᠢᠭᠦᠲᠡᠨ ᠲᠠᠨᠭᠠᠷᠢᠭ ᠡᠪᠳᠡᠷᠡᠭᠰᠡᠨ ᠲᠡᠷᠢᠭᠦᠲᠡᠨ᠃ (29ᠠ)

ᠬᠤᠪᠢ ᠲᠠᠰᠤᠷᠠᠭᠰᠠᠨ ᠢᠵᠠᠭᠤᠷ ᠲᠠᠨ ‍ᠠ᠋ ᠡᠳᠦᠭᠡ ᠪᠡᠷ ᠨᠢᠭᠤᠷ ᠦᠯᠦ ᠲᠠᠨᠢᠬᠤᠢ ᠢᠵᠠᠭᠤᠷ ᠲᠠᠨ ‍ᠠ᠋ ᠪᠡᠷ ᠪᠣᠯᠤᠶᠤ᠃ ᠲᠠᠴᠢᠶᠠᠩᠭᠤᠢ ᠬᠢᠭᠡᠳ ᠨᠢᠭᠦᠯ ᠲᠦᠢᠳᠬᠡᠷ ᠲᠢᠷᠦᠭᠰᠡᠨ ‍ᠢᠢᠡᠷ᠃ ᠳᠠᠭᠤᠨ ᠭᠡᠷᠡᠯ ᠡᠴᠡ ᠠᠶᠤᠵᠤ ᠪᠤᠷᠤᠭᠤᠳᠳᠤᠭᠰᠠᠨ ‍ᠤ ᠲᠤᠯᠠ᠃ ᠪᠠᠰᠠ ᠳᠥᠷᠪᠡᠨ ᠬᠣᠨᠤᠭ ᠲᠤ ᠢᠯᠠᠵᠤ ᠲᠡᠭᠦᠰ ᠨᠥᠭᠴᠢᠭᠰᠡᠨ ᠠᠪᠢᠳᠠ ᠪᠤᠷᠬᠠᠨ ‍ᠤ ᠴᠢᠭᠤᠯᠭᠠᠨ ᠯᠤᠭ᠎ ‍ᠠ᠋ ᠲᠠᠴᠢᠶᠠᠩᠭᠤᠢ ᠬᠠᠷᠠᠮ ᠡᠴᠡ ᠪᠦᠲᠦᠭᠰᠡᠨ ᠪᠡᠷᠢᠳ ‍ᠦᠨ ᠭᠡᠷᠡᠯ ‍ᠦᠨ ᠮᠥᠷ ᠵᠢᠷᠦᠭᠦᠯᠡ ᠤᠭᠲᠤᠵᠤ ᠢᠷᠡᠮᠦᠢ᠃ ᠪᠠᠰᠠ ᠨᠢᠭᠤᠷ ᠲᠠᠨᠢᠭᠤᠯᠬᠤᠢ ᠢᠨᠤ᠂ ᠅ ᠨᠥᠭᠴᠢᠭᠰᠡᠨ ᠬᠦᠮᠦᠨ ‍ᠢ ᠨᠡᠷᠡᠪᠡᠷ ᠳᠠᠭᠤᠳᠠᠭᠠᠨ ᠢᠢᠨ ᠬᠡᠮᠡᠨ ᠥᠭᠦᠯᠡᠭᠳᠡᠬᠦᠢ᠂ ᠠᠢ ᠢᠵᠠᠭᠤᠷ ᠲᠠᠨᠤ ᠬᠦᠪᠡᠭᠦᠨ ᠦᠯᠦ ᠠᠯᠭᠠᠰᠠᠨ ᠰᠣᠨᠤᠰᠳᠠᠬᠤᠢ᠅ ᠳᠥᠷᠪᠡᠨ ᠬᠣᠨᠤᠭ ᠲᠤᠷ (30)


ᠭᠠᠯ ᠨᠠᠬᠠᠪᠣᠳ᠂ ᠣᠭᠤᠭᠠᠲᠠ ᠠᠷᠢᠯᠤᠭᠰᠠᠨ ᠤᠯᠠᠭᠠᠨ ᠭᠡᠷᠡᠯ ᠰᠡᠳᠬᠢᠯ ᠳ᠋ᠤᠷ ᠲᠥᠷᠦᠬᠦ ᠪᠣᠯᠤᠶᠤ᠃ ᠲᠡᠷᠡ ᠴᠠᠭ ᠲᠤ ᠥᠷᠦᠨᠡ ᠵᠦᠭ ‍ᠦᠨ ᠰᠦᠬᠡᠠᠸᠠᠳᠢ ‍ᠢᠢᠨ ᠤᠯᠠᠭᠠᠨ ᠣᠷᠤᠨ ᠡᠴᠡ᠃ ᠢᠯᠠᠵᠤ ᠲᠡᠭᠦᠰ ᠨᠥᠭᠴᠢᠭᠰᠡᠨ ᠠᠪᠢᠳᠠ ᠪᠤᠷᠬᠠᠨ ‍ᠤ ᠪᠡᠶ ‍ᠡ᠋ ‍ᠢᠢᠨ ᠥᠩᠭᠡ ᠤᠯᠠᠭᠠᠨ ᠭᠠᠷ ᠲᠠᠭᠠᠨ ᠪᠠᠳᠮ ‍ᠠ᠋ ᠯᠢᠩᠬᠤ ‍ᠠ᠋ (ᠢᠢ ᠪᠠᠷᠢᠭᠰᠠᠨ᠃ ᠲᠣᠭᠤᠰ ᠰᠢᠪᠠᠭᠤᠨ ‍ᠤ ᠲᠠᠪᠴᠠᠭ ᠳᠤᠷ ᠰᠠᠭᠤᠭᠠᠳ᠃ ᠳᠡᠭᠡᠳᠦ ᠡᠬᠡ ᠴᠠᠭᠠᠨ ᠳᠡᠪᠡᠯ ᠲᠡᠢ ᠯᠦᠭᠡ ᠡᠪᠦᠴᠡᠯᠳᠦᠵᠦ ᠥᠪᠡᠷ ᠳᠤᠷ ᠲᠥᠷᠦᠵᠦ ᠢᠷᠡᠮᠦᠢ᠃ ᠪᠣᠳᠢᠰᠤᠩ ᠯᠦᠩᠭᠢᠰᠦᠸᠠᠷᠢ ᠬᠢᠭᠡᠳ᠃ ᠮᠠᠨᠵᠤᠰᠢᠷᠢ ᠬᠤᠸᠠᠬᠤᠯᠠ ᠳ᠋ᠤᠷ ᠭᠢᠷᠲᠢ ᠡᠬᠡ ᠬᠢᠭᠡᠳ᠃ ᠠᠯᠣᠭᠢ ᠡᠬᠡ ᠲᠠᠬᠢᠯ ‍ᠤᠨ ᠦᠬᠢᠨ (30ᠠ)

















































































































ᠠᠮᠤᠭᠤᠯᠠᠩ