ᠧᠦ᠋ᠻ᠊ᠯᠢᠳ᠋ ᠊ᠦᠨ ᠭᠧᠣᠮᠧᠲ᠋ᠧᠷ

Wikibilig-с

ᠧᠦ᠋ᠻ᠊ᠯᠢᠳ᠋ ‍ᠦᠨ ᠭᠧᠣᠮᠧᠲ᠋ᠧᠷ[засварлах | кодоор засварлах]


alight: top
ᠭᠤᠷᠪᠠᠯᠵᠢᠨ ‍ᠤ ᠥᠨᠴᠦᠭ ‍ᠦᠳ ‍ᠦᠨ ᠨᠡᠢᠢᠯᠡᠪᠦᠷᠢ 180°


ᠬᠦᠮᠦᠨ ᠲᠥᠷᠦᠯᠬᠢᠲᠡᠨ ‍ᠢ ᠬᠦᠷᠢᠶᠡᠯᠡᠨ ᠪᠤᠢ ᠶᠢᠷᠲᠢᠨᠴᠦ ‍ᠢᠢᠨ ᠢᠯᠡᠳᠲᠡ ᠬᠠᠷᠠᠭᠳᠠᠬᠤ ᠲᠥᠷᠬᠦ ᠪᠠᠢᠢᠳᠠᠯ ‍ᠲᠠᠢ ᠤᠶᠠᠯᠳᠠᠵᠤ ᠧᠦ᠋ᠻ᠊ᠯᠢᠳ᠋ ‍ᠦᠨEuclid ᠭᠧᠣᠮᠧᠲ᠋ᠧᠷgeometry ᠬᠥᠭᠵᠢᠵᠡᠢ᠃ [1] ᠬᠣᠶᠠᠷ ᠲᠡᠢᠢᠰᠢ ᠲᠠᠲᠤᠭᠰᠠᠨ ᠴᠢᠪᠬᠠᠳᠠᠰᠤ ᠵᠠᠪᠠᠯ ᠰᠢᠯᠠᠭᠤᠨ ᠪᠠᠢᠢᠬᠤ ᠭᠡᠬᠦ ᠮᠡᠲᠦ ᠢᠨᠠᠭᠤᠬᠢ ᠴᠢᠨᠠᠷ ‍ᠤᠳ ᠡᠨᠡᠬᠦ ᠭᠧᠣᠮᠧᠲ᠋ᠧᠷ ‍ᠦᠨ ᠲᠣᠭᠲᠠᠯᠴᠠᠭᠠᠨ ‍ᠤ ᠦᠨᠳᠦᠰᠦ ᠪᠣᠯᠵᠡᠢ᠃ ᠨᠡᠢᠢᠲᠡ ‍ᠢᠢᠨ ᠲᠣᠭᠠᠯᠠᠯ ‍ᠤᠨ ᠡᠮᠦᠨᠡᠬᠢ 3 ᠳ᠋ᠤᠭᠠᠷ ᠵᠠᠭᠤᠨ ‍ᠤ ᠦᠶ ‍ᠡ᠋ ‍ᠢᠢᠨ ᠶᠡᠬᠡ ᠰᠡᠳᠬᠢᠭᠴᠢ ᠧᠦ᠋ᠻ᠊ᠯᠢᠳ᠋ ‍ᠦᠨ (Εὐκλείδης) ᠨᠡᠷ ‍ᠡ᠋ ᠲᠡᠢ ᠬᠣᠯᠪᠤᠭᠳᠠᠳᠠᠭ "ᠡᠬᠢᠯᠡᠯ" (Στοιχεῖον) ᠬᠡᠮᠡᠬᠦ 13 ᠪᠣᠲᠢ ᠪᠦᠲᠦᠭᠡᠯ ᠳ᠋ᠦ ᠮᠠᠲ᠌ᠾᠧᠮᠠᠲ᠋ᠢᠻ᠂ ᠭᠧᠣᠮᠧᠲ᠋ᠧᠷ ‍ᠦᠨ ᠵᠠᠷᠴᠢᠮ᠂ ᠪᠠᠷᠢᠮᠲᠠᠯᠠᠯ ‍ᠤᠳ ‍ᠢ ᠨᠢᠭᠡᠨ ᠴᠣᠭᠴᠠ ᠪᠣᠯᠭᠠᠨ ᠨᠢᠭᠡᠳᠬᠡᠵᠡᠢ᠃[2]

ᠫᠣᠰᠲ᠋ᠦ᠋ᠯᠠᠲ[засварлах | кодоор засварлах]

ᠠᠻᠰᠢᠣᠮ ‍ᠤᠨ ᠠᠷᠭ᠎ ‍ᠠ᠋ ᠭᠡᠳᠡᠭ ᠨᠢ ᠰᠢᠨᠵᠢᠯᠡᠬᠦ ᠤᠬᠠᠭᠠᠨ ‍ᠤ ᠣᠨᠤᠯ ᠪᠠᠢᠢᠭᠤᠯᠬᠤ ᠳ᠋ᠤ ᠠᠩᠬᠠᠳᠠᠭᠴᠢ ᠪᠠᠢᠷᠢᠮᠲᠠᠯᠠᠯ ‍ᠤᠳ ᠪᠤᠶᠤ ᠠᠻᠰᠢᠣᠮaxiom᠂ ᠫᠣᠰᠲᠦ᠋ᠯᠠᠲ ‍ᠤᠳpostulate ‍ᠢ ᠰᠠᠭᠤᠷᠢ ᠪᠣᠯᠭᠠᠨ ᠠᠪᠳᠠᠭ᠂ ᠪᠤᠰᠤᠳ ᠰᠠᠨᠠᠭ᠎ ‍ᠠ᠋ ᠨᠤᠭᠤᠳ ‍ᠢ ᠲᠡᠳᠡᠭᠡᠷ ᠠᠩᠬᠠᠳᠠᠭᠴᠢ ᠪᠠᠷᠢᠮᠲᠠᠯᠠᠯ ‍ᠤᠳ ᠳ᠋ᠤ ᠳᠤᠯᠳᠤᠢᠢᠳᠤᠨ ᠤᠴᠢᠷ ᠰᠢᠯᠲᠠᠭᠠᠨ ‍ᠢᠢᠠᠷ ᠪᠠᠲᠤᠯᠠᠵᠤ᠂ ᠨᠣᠲᠠᠯᠠᠳᠠᠭ ᠲᠣᠭᠲᠠᠯᠴᠠᠭᠠᠨ ‍ᠤ ᠠᠷᠭ᠎ ‍ᠠ᠋ ᠵᠦᠢ ᠶᠤᠮ᠃
ᠢᠢᠨ ᠬᠦ ᠲᠤᠬᠠᠢ ‍ᠢᠢᠨ ᠣᠨᠤᠯ ‍ᠢ ᠦᠨᠡᠨ ᠵᠥᠪ ᠬᠡᠮᠡᠨ ᠪᠠᠲᠤᠯᠠᠬᠤ ᠶᠠᠪᠤᠴᠠ ᠳ᠋ᠤ ᠳᠤᠷ ‍ᠠ᠋ ᠵᠣᠷᠭ᠎ ‍ᠠ᠋ ᠪᠠᠷ ᠬᠠᠨᠳᠤᠬᠤ ᠶᠠᠪᠤᠳᠠᠯ ‍ᠢ ᠬᠠᠵᠠᠭᠠᠷᠯᠠᠵᠤ ᠥᠭᠭᠦᠳᠡᠭ᠃[3]
ᠫᠣᠰᠲᠦ᠋ᠯᠠᠲ ᠭᠡᠳᠡᠭ ‍ᠢ ᠡ᠊᠂ ᠸᠠᠩᠳᠤᠢ ‍ᠢᠢᠨ ᠣᠷᠤᠰ-ᠮᠣᠩᠭᠤᠯ ᠨᠡᠷ ‍ᠡ᠋ ᠲᠣᠮᠢᠶᠠᠨ ‍ᠤ ᠲᠣᠯᠢ ᠳ᠋ᠤ "ᠳᠠᠯᠳᠠ ᠦᠨᠡᠨ" ᠭᠡᠵᠦ ᠣᠷᠴᠢᠭᠤᠯᠤᠭᠰᠠᠨ ᠨᠢ ᠰᠣᠨᠢᠷᠬᠠᠯ ᠲᠠᠢ᠃[4]
"ᠡᠬᠢᠯᠡᠯ" ᠪᠦᠲᠦᠭᠡᠯ ᠳ᠋ᠦ ᠲᠣᠮᠢᠶᠠᠯᠠᠭᠰᠠᠨ ᠦᠨᠳᠦᠰᠦᠨ ᠫᠣᠰᠲᠦ᠋ᠯᠠᠲ ‍‍ᠤᠳ ‍ᠤᠨ ᠤᠳᠬ ‍ᠠ᠋ ᠨᠢ᠄

ᠲᠠᠪᠤᠳᠤᠭᠠᠷ ᠫᠣᠰᠲᠦ᠋ᠯᠠᠲ᠄ ᠬᠣᠶᠠᠷ ᠰᠢᠯᠤᠭᠤᠨ ᠲᠠᠢ ᠣᠭᠲᠣᠯᠤᠯᠴᠠᠭᠰᠠᠨ ᠰᠢᠯᠤᠭᠤᠨ ᠨᠢ ᠤᠭ ᠬᠣᠶᠠᠷ ᠰᠢᠯᠤᠭᠤᠨ ᠲᠠᠢ ᠬᠣᠶᠠᠷ ᠲᠡᠭᠰᠢ ᠥᠨᠴᠥᠭ ᠡᠴᠡ ᠪᠠᠭ᠎ᠠ ᠳᠣᠲᠣᠭᠠᠳᠤ ᠥᠷᠥᠭᠡᠯ ᠥᠨᠴᠥᠭ ᠦᠳ ᠡᠭᠦᠰᠬᠡᠵᠦ ᠪᠠᠶ᠋ᠢᠭ᠎ᠠ ᠲᠣᠬᠢᠶᠠᠯᠳᠤᠯ ᠳᠤ ᠤᠭ ᠬᠣᠶᠠᠷ ᠰᠢᠯᠤᠭᠤᠨ ᠢ ᠬᠢᠵᠠᠭᠠᠷ ᠦᠭᠡᠢ ᠦᠷᠭᠦᠯᠵᠢᠯᠡᠭᠦᠯᠪᠡᠯ ᠲᠡᠳᠡᠭᠡᠷ ᠨᠢ ᠬᠣᠶᠠᠷ ᠲᠡᠭᠰᠢ ᠥᠨᠴᠥᠭ ᠦᠳ ᠡᠴᠡ ᠪᠠᠭ᠎ᠠ ᠬᠣᠶᠠᠷ ᠥᠨᠴᠥᠭ ᠲᠡᠢ ᠲᠠᠯ᠎ᠠ ᠳᠤ ᠪᠠᠨ ᠣᠭᠲᠣᠯᠤᠯᠴᠠᠨ᠎ᠠ᠃


1. ᠠᠯᠢᠪᠠ ᠳᠤᠷ᠎ᠠ ᠶᠢᠨ ᠴᠡᠭ ᠡᠴᠡ ᠳᠤᠷ᠎ᠠ ᠶᠢᠨ ᠴᠡᠭ ᠬᠦᠷᠲᠡᠯ᠎ᠡ ᠰᠢᠯᠤᠭᠤᠨ ᠲᠠᠲᠠᠵᠤ ᠪᠣᠯᠤᠨ᠎ᠠ᠃
2. ᠠᠯᠢᠪᠠ ᠰᠢᠯᠤᠭᠤᠨ ᠱᠤᠭᠤᠮ ᠢ ᠬᠢᠵᠠᠭᠠᠷ ᠦᠭᠡᠢ ᠦᠷᠭᠦᠯᠵᠢᠯᠡᠭᠦᠯᠵᠦ ᠪᠣᠯᠤᠨ᠎ᠠ᠃
3. ᠳᠤᠷ᠎ᠠ ᠶᠢᠨ ᠲᠥᠪ ᠡᠴᠡ ᠳᠤᠷ᠎ᠠ ᠶᠢᠨ ᠷᠠᠳᠢᠦ᠋ᠰ  ‍ᠢᠶ᠋ᠠᠷradius ᠲᠣᠭᠣᠷᠢᠭ ᠲᠠᠲᠠᠵᠤ ᠪᠣᠯᠤᠨ᠎ᠠ᠃
4. ᠪᠦᠬᠦ ᠲᠡᠭᠰᠢ ᠥᠨᠴᠥᠭ ᠬᠣᠭᠣᠷᠣᠨᠳᠣ ᠪᠠᠨ ᠲᠡᠩᠴᠡᠭᠦᠦ᠃
5. ᠬᠣᠶᠠᠷ ᠰᠢᠯᠤᠭᠤᠨ ᠲᠠᠢ ᠣᠭᠲᠣᠯᠤᠯᠴᠠᠭᠰᠠᠨ ᠰᠢᠯᠤᠭᠤᠨ ᠨᠢ ᠤᠭ ᠬᠣᠶᠠᠷ ᠰᠢᠯᠤᠭᠤᠨ ᠲᠠᠢ ᠬᠣᠶᠠᠷ ᠲᠡᠭᠰᠢ ᠥᠨᠴᠥᠭ ᠡᠴᠡ ᠪᠠᠭ᠎ᠠ ᠳᠣᠲᠣᠭᠠᠳᠤ ᠥᠷᠥᠭᠡᠯ ᠥᠨᠴᠥᠭ ᠦᠳ ᠡᠭᠦᠰᠬᠡᠵᠦ ᠪᠠᠶ᠋ᠢᠭ᠎ᠠ ᠲᠣᠬᠢᠶᠠᠯᠳᠤᠯ ᠳᠤ ᠤᠭ ᠬᠣᠶᠠᠷ ᠰᠢᠯᠤᠭᠤᠨ ᠢ ᠬᠢᠵᠠᠭᠠᠷ ᠦᠭᠡᠢ ᠦᠷᠭᠦᠯᠵᠢᠯᠡᠭᠦᠯᠪᠡᠯ ᠲᠡᠳᠡᠭᠡᠷ ᠨᠢ ᠬᠣᠶᠠᠷ ᠲᠡᠭᠰᠢ ᠥᠨᠴᠥᠭ ᠦᠳ ᠡᠴᠡ ᠪᠠᠭ᠎ᠠ ᠬᠣᠶᠠᠷ ᠥᠨᠴᠥᠭ ᠲᠡᠢ ᠲᠠᠯ᠎ᠠ ᠳᠤ ᠪᠠᠨ ᠣᠭᠲᠣᠯᠤᠯᠴᠠᠨ᠎ᠠ᠃[5][6]

ᠠᠻᠰᠢᠥᠮ[засварлах | кодоор засварлах]

ᠠᠻᠰᠢᠣᠮ ᠭᠡᠳᠡᠭ ‍ᠢ ᠡ᠊᠂ ᠸᠠᠩᠳᠤᠢ ‍ᠢᠢᠨ ᠣᠷᠤᠰ-ᠮᠣᠩᠭᠤᠯ ᠨᠡᠷ ‍ᠡ᠋ ᠲᠣᠮᠢᠶᠠᠨ ‍ᠤ ᠲᠣᠯᠢ ᠳ᠋ᠤ "ᠢᠯᠡᠳᠲᠡ ᠦᠨᠡᠨ" ᠭᠡᠵᠦ᠂ ᠬᠠᠷᠢᠨ ᠲᠾᠧᠣᠷᠧᠮ ‍ᠢtheorem "ᠮᠠᠭᠠᠳᠯᠠᠬᠤ ᠦᠨᠡᠨ" ᠭᠡᠵᠦ ᠣᠷᠴᠢᠭᠤᠯᠤᠭᠰᠠᠨ ᠪᠠᠢᠢᠳᠠᠭ᠃[4]
ᠠᠻᠰᠢᠣᠮ ᠪᠠ ᠫᠣᠰᠲᠦ᠋ᠯᠠᠲ ᠪᠠᠲᠤᠯᠠᠭ᠎ ‍ᠠ᠋ ᠱᠠᠭᠠᠷᠳᠠᠳᠠᠭ ᠦᠭᠡᠢ᠂ ᠥᠪᠡᠷ ᠡᠴᠡ ᠪᠡᠨ ᠢᠯᠡᠷᠬᠡᠶ᠂ ᠲᠣᠳᠤᠷᠬᠠᠶ ᠮᠡᠳᠡᠭᠳᠡᠬᠦᠨ ᠨᠤᠭᠦᠳ ᠭᠡᠵᠦ ᠦᠵᠡᠳᠡᠭ᠃
ᠬᠠᠷᠢᠨ ᠲᠾᠧᠣᠷᠧᠮ ‍ᠦᠳ ‍ᠢ ᠠᠻᠰᠢᠣᠮ᠂ ᠫᠣᠰᠲᠦ᠋ᠯᠠᠲ᠋ ᠪᠣᠯᠤᠨ ᠡᠮᠦᠨ᠎ ‍ᠡ᠋ ᠨᠢ ᠠᠻᠰᠢᠣᠮ᠂ ᠫᠣᠰᠲᠦ᠋ᠯᠠᠲ᠋ ᠲᠤ ᠲᠤᠯᠭᠠᠭᠤᠷᠯᠠᠨ ᠪᠠᠲᠤᠯᠠᠭᠰᠠᠨ ᠲᠾᠧᠣᠷᠧᠮ ‍ᠦᠳ ‍ᠢᠢᠡᠷ ᠡᠰᠢ ᠪᠣᠯᠭᠠᠨ ᠪᠠᠲᠤᠯᠠᠳᠠᠭ᠃

ᠲᠡᠭᠰᠢ ᠥᠨᠴᠦᠭᠲᠦ ᠭᠤᠷᠪᠠᠯᠵᠢᠨ ‍ᠤ ᠬᠠᠮᠤᠭ ‍ᠤᠨ ᠤᠷᠲᠤ ᠲᠠᠯ ‍ᠠ᠋ ‍ᠢᠢᠨ ᠻᠸᠠᠲᠷᠠᠲ ᠨᠢ ᠦᠯᠳᠡᠭᠰᠡᠨ ᠲᠠᠯ ‍ᠠ᠋ ‍ᠤᠳ ‍ᠤᠨ ᠤᠷᠲᠤ ‍ᠢᠢᠨ ᠻᠸᠠᠲᠷᠠᠲ ‍ᠤᠨ ᠨᠡᠢᠢᠯᠡᠪᠦᠷᠢ ᠲᠡᠢ ᠲᠡᠩᠴᠡᠨ᠎ ‍ᠡ᠋᠃1. ᠨᠢᠭᠡ ᠵᠦᠢᠯ ᠲᠡᠢ ᠲᠡᠩᠴᠡᠭᠦᠦ ᠨᠤᠭᠦᠳ ᠬᠣᠭᠣᠷᠣᠨᠳᠣ ᠪᠠᠨ ᠴᠤ ᠲᠡᠩᠴᠡᠭᠦᠦ ᠪᠠᠶ᠋ᠢᠨ᠎ᠠ᠃
2. ᠲᠡᠩᠴᠡᠭᠦᠦ ᠨᠤᠭᠦᠳ ᠳᠡᠭᠡᠷ᠎ᠡ ᠲᠡᠩᠴᠡᠭᠦᠦ ᠨᠤᠭᠦᠳ ᠶᠢ ᠨᠡᠮᠡᠪᠡᠯ ᠨᠡᠶ᠋ᠢᠯᠡᠪᠦᠷᠢ ‍ᠦᠳ ᠨᠢ ᠴᠤ ᠬᠣᠭᠣᠷᠣᠨᠳᠣ ᠪᠠᠨ ᠲᠡᠩᠴᠡᠭᠦᠦ ᠪᠠᠶ᠋ᠢᠨ᠎ᠠ᠃
3. ᠲᠡᠩᠴᠡᠭᠦᠦ ᠨᠤᠭᠦᠳ ᠡᠴᠡ ᠲᠡᠩᠴᠡᠭᠦᠦ ᠨᠤᠭᠦᠳ ᠶᠢ ᠬᠠᠰᠤᠪᠠᠯ ᠦᠯᠡᠳᠡᠭᠳᠡᠯ ᠦᠳ ᠨᠢ ᠴᠤ ᠲᠡᠩᠴᠡᠭᠦᠦ ᠪᠠᠶ᠋ᠢᠨ᠎ᠠ᠃
4. ᠲᠡᠩᠴᠡᠭᠦᠦ ᠪᠢᠰᠢ ᠨᠤᠭᠦᠳ ᠳᠡᠭᠡᠷ᠎ᠡ ᠲᠡᠩᠴᠡᠭᠦᠦ ᠨᠤᠭᠦᠳ ᠶᠢ ᠨᠡᠮᠡᠪᠡᠯ ᠨᠡᠶ᠋ᠢᠯᠡᠪᠦᠷᠢ ‍ᠦᠳ ᠨᠢ ᠲᠡᠩᠴᠡᠭᠦᠦ ᠪᠢᠰᠢ ᠪᠠᠶ᠋ᠢᠨ᠎ᠠ᠃
5. ᠲᠡᠩᠴᠡᠭᠦᠦ ᠨᠤᠭᠦᠳ ᠶᠢ ᠠᠳᠠᠯᠢ ᠬᠡᠮᠵᠢᠶ᠎ᠡ ᠪᠡᠷ ᠦᠷᠡᠵᠢᠭᠦᠯᠪᠡᠯ ᠦᠷᠡᠵᠢᠪᠦᠷᠢ ᠨᠢ ᠴᠤ ᠲᠡᠩᠴᠡᠭᠦᠦ ᠪᠠᠶ᠋ᠢᠨ᠎ᠠ᠃
6. ᠲᠡᠩᠴᠡᠭᠦᠦ ᠨᠤᠭᠦᠳ ᠦᠨ ᠲᠡᠩ ᠬᠠᠭᠠᠰ ᠤᠳ ᠨᠢ ᠬᠣᠭᠣᠷᠣᠨᠳᠣ ᠪᠠᠨ ᠲᠡᠩᠴᠡᠭᠦᠦ ᠪᠠᠶ᠋ᠢᠨ᠎ᠠ᠃
7. ᠬᠣᠭᠣᠷᠣᠨᠳᠣ ᠪᠠᠨ ᠳᠠᠪᠬᠤᠴᠠᠬᠤ ᠵᠦᠢᠯ ᠦᠳ ᠬᠣᠭᠣᠷᠣᠨᠳᠣ ᠪᠠᠨ ᠲᠡᠩᠴᠡᠭᠦᠦ ᠪᠠᠶ᠋ᠢᠨ᠎ᠠ᠃ (ᠳᠠᠪᠬᠤᠴᠠᠬᠤ ᠭᠡᠳᠡᠭ ᠨᠢ ᠬᠣᠭᠣᠷᠣᠨᠳᠣ ᠪᠠᠨ ᠶᠠᠭ ᠠᠳᠠᠯᠢ ᠭᠡᠰᠡᠨ ᠤᠳᠬ᠎ᠠ ᠲᠠᠢ)
8. ᠪᠦᠬᠦᠯᠢ ᠨᠢ ᠬᠡᠰᠡᠭ ᠡᠴᠡ ᠪᠡᠨ ᠶᠡᠬᠡ ᠪᠠᠶ᠋ᠢᠨ᠎ᠠ᠃
9. ᠬᠣᠶᠠᠷ ᠰᠢᠯᠤᠭᠤᠨ ᠤ ᠬᠣᠭᠣᠷᠣᠨᠳᠣ ᠣᠷᠣᠨ ᠵᠠᠢ ᠬᠢᠵᠠᠭᠠᠷᠯᠠᠭᠳᠠᠳᠠᠭ ᠦᠭᠡᠢ᠃[7][6]

ᠠᠴᠢ ᠬᠣᠯᠪᠤᠭᠳᠠᠯ[засварлах | кодоор засварлах]

ᠡᠳᠦᠭᠡ ᠶᠡᠷᠦᠩᠬᠡᠢ ᠪᠣᠯᠪᠠᠰᠤᠷᠠᠯ ‍ᠤᠨ ᠰᠤᠷᠭᠠᠭᠤᠯᠢ ᠳ᠋ᠤ ᠴᠤᠬᠤᠮ ᠧᠦ᠋ᠻ᠊ᠯᠢᠳ᠋ ‍ᠦᠨ ᠭᠧᠣᠮᠧᠲ᠋ᠧᠷ ᠦᠵᠡᠵᠦ᠂ ᠰᠤᠳᠤᠯᠵᠤ᠂ ᠮᠠᠲ᠋ᠾᠧᠮᠠᠲ᠋ᠢᠻmathematics᠂ ᠭᠧᠣᠮᠧᠲ᠋ᠧᠷ ‍ᠦᠨ ᠠᠩᠬᠠᠨ ‍ᠤ ᠮᠡᠳᠡᠭᠳᠡᠬᠦᠨ ᠣᠯᠵᠤ᠂ ᠤᠴᠢᠷ ᠰᠢᠯᠲᠠᠭᠠᠨ᠂ ᠯᠣᠭᠢᠻlogic ᠰᠡᠳᠬᠢᠯᠭᠡ᠂ ᠨᠣᠲᠠᠯᠠᠬᠤᠢ ᠠᠷᠭ᠎ ‍ᠠ᠋ ᠤᠬᠠᠭᠠᠨ ᠳ᠋ᠤ ‍ᠰᠤᠷᠤᠯᠴᠠᠳᠠᠭ᠃

ᠡᠨᠡ ᠬᠦ ᠭᠧᠣᠮᠧᠲ᠋ᠧᠷ ᠡᠩ ‍ᠦᠨ ᠠᠮᠢᠳᠤᠷᠠᠯ ᠳ᠋ᠤ ᠪᠦᠬᠦᠢ ᠯᠡ ᠰᠠᠯᠪᠤᠷᠢ ᠳ᠋ᠤ ᠬᠡᠷᠡᠭᠯᠡᠭᠳᠡᠵᠦ ᠪᠠᠢᠢᠨ᠎ ‍ᠠ᠋᠃

ᠵᠢᠱᠢᠶ ‍ᠡ᠋ ᠨᠢ᠂ ᠬᠠᠮᠢᠭ᠎ ‍ᠠ᠋ ᠭᠠᠵᠠᠷ ᠬᠡᠮᠵᠢᠵᠦ ᠲᠠᠯᠠᠪᠠᠢ ‍ᠢᠢᠨ ᠬᠡᠮᠵᠢᠶ ‍ᠡ᠋ ‍ᠢᠢ ᠣᠯᠬᠤ ᠬᠡᠷᠡᠭ ᠲᠠᠢ ᠪᠠᠢᠢᠨ᠎ ‍ᠠ᠋᠂ ᠬᠠᠮᠢᠭ᠎ ‍ᠠ᠋ ᠪᠠᠷᠠᠭ᠎ ‍ᠠ᠋ ᠡᠳ᠋ ᠶᠠᠭᠤᠮᠠᠰ ‍ᠤᠨ ᠡᠵᠡᠯᠡᠬᠦᠨ ‍ᠢ ᠬᠡᠮᠵᠢᠵᠦ ᠲᠣᠭᠠᠴᠠᠭᠠᠯᠬᠤ ᠬᠡᠷᠡᠭ ᠲᠡᠢ ᠪᠠᠢᠢᠨ᠎ ‍ᠠ᠋᠂ ᠲᠡᠷᠡ ᠪᠦᠷᠢ ‍ᠳᠦ ᠧᠦ᠋ᠻ᠊ᠯᠢᠳ᠋ ‍ᠦᠨ ᠭᠧᠣᠮᠧᠲ᠋ᠧᠷ ᠠᠵᠢᠯᠯᠠᠵᠤ ᠪᠠᠢᠢᠨ᠎ ‍ᠠ᠋᠃

ᠠᠯᠢᠪᠠ ᠮᠠᠱᠢᠨmachine ᠮᠧᠻᠠᠨᠢᠰᠮmechanism᠂ ᠭᠠᠵᠠᠷ ‍ᠤᠨ ᠵᠢᠷᠤᠭ᠂ ᠣᠳᠤᠨ ᠣᠷᠤᠨ ᠲᠡᠷᠢᠭᠦᠲᠡᠨ ᠪᠦᠭᠦᠳᠡ ᠳ᠋ᠦ ᠶᠠᠭᠤᠨ ‍ᠤ ᠡᠮᠦᠨ᠎ ‍ᠡ᠋ ᠰᠣᠩᠭᠤᠳᠠᠭ ᠭᠧᠣᠮᠧᠲ᠋ᠧᠷ ᠬᠡᠷᠡᠭ ᠲᠤᠰᠠ ᠪᠠᠨ ᠡᠷᠭᠦᠵᠦ ᠪᠠᠢᠢᠨ᠎ ‍ᠠ᠋᠃[8]

ᠮᠢᠩᠭ᠎ ‍ᠠ᠋ ᠮᠢᠩᠭᠠᠨ ᠵᠢᠯ ‍ᠦᠨ ᠤᠷᠤᠰᠬᠠᠯ ᠳ᠋ᠤ ᠬᠦᠷᠢᠶᠡᠯᠡᠨ ᠪᠤᠢ ᠶᠢᠷᠲᠢᠨᠴᠦ ‍ᠢᠢᠨ ᠲᠤᠬᠠᠢ ᠬᠦᠮᠦᠨ ᠲᠥᠷᠦᠯᠬᠢᠲᠡᠨ ‍ᠦ ᠣᠢᠢᠯᠠᠭᠠᠯᠲᠤ᠂ ᠲᠥᠰᠦᠭᠡᠯᠡᠯ ᠭᠦᠨᠵᠡᠭᠡᠢᠢᠷᠡᠬᠦ ᠶᠠᠪᠤᠴᠠ ᠳ᠋ᠤ ᠧᠦ᠋ᠻ᠊ᠯᠢᠳ᠋ ‍ᠦᠨ ᠪᠤᠰᠤ ᠰᠢᠨ᠎ ‍ᠡ᠋ ᠭᠧᠣᠮᠧᠲ᠋ᠧᠷ ‍ᠦᠨ ᠰᠢᠰᠲ᠋ᠧᠮ ‍ᠦᠳsystem ᠡᠭᠦᠰᠴᠦ ᠬᠥᠭᠵᠢᠭᠰᠡᠨ ᠪᠢᠯᠡ᠃

ᠨᠡᠷ ‍ᠡ᠋ ᠲᠣᠮᠢᠶᠠᠯᠠᠯ[засварлах | кодоор засварлах]

ᠧᠦ᠋ᠻ᠊ᠯᠢᠳ᠋  ᠦᠨ ᠭᠧᠣᠮᠧᠲ᠋ᠧᠷ - Euclidean geometry - евклидова геометрия
"ᠡᠬᠢᠯᠡᠯ" - "Elements" - "Начала"
ᠴᠡᠭ - point - точка
ᠰᠢᠯᠤᠭᠤᠨ - line - прямая
ᠲᠣᠭᠣᠷᠢᠭ - circle - окружность
ᠤᠷᠲᠤ - length - длина
ᠲᠠᠯᠠᠪᠠᠢ - area - площадь
ᠡᠵᠡᠯᠡᠬᠦᠨ - volume - объём
ᠫᠠᠷᠠᠯᠯᠧᠯ - parallel - параллель
ᠫᠧᠷᠫᠧᠨ᠍ᠳᠢᠻᠦ᠋ᠯᠠᠷ - perpendicular - перпендикуляр
ᠥᠨᠴᠦᠭ - angle - угол
ᠬᠡᠭᠡᠰᠦ - radius - радиус
ᠣᠭᠲᠤᠯᠤᠯᠴᠠᠬᠤ - intersect - пересекаться
ᠬᠠᠪᠲᠠᠭᠠᠢ - plane - плоскость
ᠣᠭᠲᠠᠷᠭᠤᠢ᠂ ᠣᠷᠤᠨ ᠵᠠᠢ - space - пространство
ᠭᠤᠷᠪᠠᠯᠵᠢᠨ - triangle - треугольник
ᠪᠥᠮᠪᠦᠷᠴᠡᠭ ‍- sphere - сфера
ᠬᠡᠮᠵᠢᠭᠳᠡᠬᠦᠨ - dimension - измерение
ᠢᠯᠡᠳᠲᠡ ᠦᠨᠡᠨ - axioma - аксиома
ᠳᠠᠯᠳᠠ ᠦᠨᠡᠨ - postulate - постулат
ᠮᠠᠭᠠᠳᠯᠠᠬᠤ ᠦᠨᠡᠨ - theorem - теорема
ᠠᠻᠰᠢᠣᠮ ‍ᠤᠨ ᠠᠷᠭ᠎ ‍ᠠ᠋ - axiomatic method - аксиоматическийн подход
ᠤᠴᠢᠷ ᠰᠢᠯᠲᠠᠭᠠᠨ - logic - логика
ᠪᠠᠲᠤᠯᠠᠭ᠎ ‍ᠠ᠋ - proof - доказательство


ᠤᠶᠠᠯᠳᠤᠭ᠎ ‍ᠠ᠋ ᠨᠡᠢᠢᠲᠡᠯᠡᠯ[засварлах | кодоор засварлах]

ᠯᠣᠪᠠᠴᠧᠹᠰᠻᠢ ᠊ᠢᠢᠨ ᠭᠧᠣᠮᠧᠲ᠋ᠧᠷ
ᠷᠢᠮᠠᠨ ᠊ᠤ ᠭᠧᠣᠮᠧᠲ᠋ᠧᠷ

ᠡᠬᠢ ᠰᠤᠷᠪᠤᠯᠵᠢ[засварлах | кодоор засварлах]

  1. А.М.Прохоров и др. Советский энциклопедический словарь. ©Издательство “Советская энциклопедия”. Москва 1989
  2. B. L. Van Der Waerden. Science Awakening I, Volume 1. Noordhoff International. 1975. ᠬᠠᠨᠳᠤᠭᠰᠠᠨ 2021/03/17
  3. Ю. А. Гастев, А. С. Есенин-Вольпин. Аксиоматический метод. ᠬᠠᠨᠳᠤᠭᠰᠠᠨ 2021/03/19
  4. 4.0 4.1 ᠡ᠊᠂ ᠸᠠᠩᠳᠤᠢ᠃ ᠣᠷᠤᠰ-ᠮᠣᠩᠭᠤᠯ ᠨᠡᠷ ‍ᠡ᠋ ᠮᠣᠮᠢᠶᠠᠨ ‍ᠤ ᠲᠣᠯᠢ᠃ ᠪᠦ᠊᠂ ᠨᠠ᠊᠂ ᠮᠣ᠊᠂ ᠠ᠊᠂ ᠤ᠊᠂ ‍ᠤᠨ ᠰᠢᠨᠵᠢᠯᠡᠬᠦ ᠤᠬᠠᠭᠠᠨ ‍ᠤ ᠠᠻᠠᠳᠧᠮᠢ᠃ ᠬᠡᠯᠡ ᠵᠣᠬᠢᠶᠠᠯ ‍ᠤᠨ ᠬᠦᠷᠢᠶᠡᠯᠡᠩ᠃ ᠤᠯᠤᠰ ‍ᠤᠨ ᠬᠡᠪᠯᠡᠯ ‍ᠦᠨ ᠬᠡᠷᠡᠭ ᠡᠷᠬᠢᠯᠡᠬᠦ ᠬᠣᠷᠢᠶ ‍ᠠ᠋᠃ ᠤᠯᠠᠭᠠᠨᠪᠠᠭᠠᠲᠤᠷ 1964᠃
  5. Урок геометрия 39 тем. Постулаты Евклида. ᠬᠠᠨᠳᠤᠭᠰᠠᠨ 2021/02/09
  6. 6.0 6.1 Н.Г.Подаева, Д.А.Жук. Лекции по основаниям геометрии. Елецкий Государственный Университет им. И.А.Бунина. Елец 2005. ᠬᠠᠨᠳᠤᠭᠰᠠᠨ 2021/02/09
  7. К.Лохматова, Н.Степанова. Презентация "Евклидова геометрия" (7 класс). ᠬᠠᠨᠳᠤᠭᠰᠠᠨ 2021/02/09
  8. Значение геометрии. ᠬᠠᠨᠳᠤᠭᠰᠠᠨ 2021/03/17